ᠤᠳᠬ᠎ᠠ ᠲᠡᠬᠦᠯᠳᠡᠷ ᠰᠤᠷᠭᠠᠭᠤᠯᠢ ᠶᠢᠨ ᠬᠦᠷᠢᠶᠡᠨ ᠤ ᠨᠠᠭᠠᠳᠦᠮ ᠪᠤᠯᠪᠠ
ᠨᠡᠶᠢᠲᠡᠯᠡᠭᠰᠡᠨ ᠴᠠᠭ᠄
2023/6/6
      ᠨᠠᠮ ᠤᠨ ᠬᠤᠷᠢᠳᠤᠭᠠᠷ ᠶᠡᠭᠡ ᠬᠤᠷᠠᠯ ᠤᠨ ᠵᠤᠷᠢᠭ ᠰᠠᠨᠠᠭ᠎ᠠ ᠪᠠ ᠪᠦᠬᠦ ᠤᠯᠤᠰ ᠤᠨ ᠰᠤᠷᠭᠠᠨ ᠬᠦᠮᠦᠵᠢᠯ  ᠤᠨ ᠶᠡᠭᠡ ᠬᠤᠷᠠᠯ ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ  ᠲᠤᠭᠤᠰᠢᠯᠠᠭᠤᠯᠤᠨ᠂ ᠰᠤᠷᠤᠬᠴᠢᠳ ᠤᠨ ᠪᠡᠶ᠎ᠡ ᠮᠠᠬᠠᠪᠦᠳ ᠢ ᠴᠢᠬᠢᠷᠠᠬᠵᠢᠭᠤᠯᠵᠦ᠂ ︽6·1︾ ᠤ ᠲᠡᠯᠡᠬᠡᠢ ᠶᠢᠨ ᠬᠡᠤᠬᠡᠳ ᠤᠨ ᠪᠠᠶᠠᠷ ᠤᠨ ᠡᠳᠦᠷ ᠢ ᠪᠡᠯᠬᠡᠯᠡᠬᠦ ᠪᠠᠷ ᠬᠢᠩᠭᠠᠨ ᠠᠶᠢᠮᠠᠭ ᠤᠨ ᠤᠯᠠᠭᠠᠨᠬᠤᠳᠠ ᠪᠠᠭ᠎ᠠ ᠰᠤᠷᠭᠠᠭᠤᠯᠢ ︽ᠪᠠᠭᠠᠴᠤᠳ ᠬᠡᠤᠬᠡᠳ ᠨᠠᠮ ᠢᠶᠠᠨ ᠲᠠᠭᠠᠵᠦ ᠴᠤᠭ ᠵᠢᠪᠬᠤᠭ᠎ᠠ ᠪᠠᠨ ᠪᠠᠳᠠᠷᠠᠭᠤᠯᠤᠨ᠂ ᠪᠡᠶ᠎ᠡ ᠮᠠᠬᠠᠪᠦᠳ ᠢᠶᠠᠨ ᠴᠢᠬᠢᠷᠠᠬᠵᠢᠭᠤᠯᠤᠨ ᠡᠷᠡᠯᠬᠡᠭᠯᠡᠨ ᠤᠷᠤᠬᠰᠢᠯᠠᠶ᠎ᠠ︾ ᠬᠡᠬᠦ ᠭᠤᠤᠯ ᠰᠡᠳᠤᠪᠳᠤ ᠰᠤᠷᠭᠠᠭᠤᠯᠢ ᠶᠢᠨ ᠬᠦᠷᠢᠶᠡᠨ ᠤ ᠨᠠᠭᠠᠳᠦᠮ ᠵᠢᠴᠢ ᠪᠡᠶ᠎ᠡ ᠶᠢᠨ ᠲᠠᠮᠢᠷ ᠤᠨ ᠤᠷᠤᠯᠳᠤᠭᠠᠨ ᠶᠠᠪᠤᠭᠤᠯᠪᠠ᠃
           ᠠᠵᠢᠯᠯᠠᠭ᠎ᠠ ᠶᠢᠨ ᠡᠬᠢᠨ ᠳᠤ᠂ ᠴᠤᠪᠤᠭᠤ ᠲᠡᠭᠵᠢᠨ  ᠪᠠᠭᠠᠴᠤᠳ  ᠬᠡᠤᠬᠡᠳ ᠠᠨᠳᠠᠢ ᠪᠦᠵᠢᠭ᠂ ᠦᠨᠢᠶ᠎ᠡ ᠰᠠᠭᠠᠬᠤ ᠪᠦᠵᠢᠭ᠂ ᠲᠦᠷᠪᠡᠨ ᠤᠳᠠᠰᠤᠳᠤ ᠬᠤᠭᠤᠷ ᠬᠦᠭᠵᠢᠮᠳᠡᠬᠦ ᠵᠡᠷᠭᠡ ᠤᠯᠠᠨ ᠬᠡᠯᠪᠡᠷᠢ ᠶᠢᠨ ᠤᠷᠠᠨ ᠰᠠᠶᠢᠬᠠᠨ ᠤ  ᠲᠤᠬᠯᠠᠯᠳᠠ ᠭᠠᠷᠭᠠᠵᠦ᠂ ᠬᠤᠷᠠᠬᠰᠠᠨ ᠤᠯᠠᠨ ᠤ ᠬᠠᠷᠠᠭ᠎ᠠ ᠰᠤᠨᠤᠷ ᠢ ᠪᠠᠶᠠᠰᠬᠠᠨ᠂ ᠬᠡᠤᠬᠡᠳ ᠤᠨ ᠪᠠᠶᠠᠷ ᠤᠨ ᠡᠳᠦᠷ  ᠢᠶᠠᠨ ᠪᠠᠶᠠᠷ ᠪᠠᠶᠠᠰᠤᠯᠳᠠᠢ‌‍ᠪᠡᠯᠭᠡᠯᠡᠭᠰᠡᠨ ᠪᠠᠶᠢᠨ᠎ᠠ᠃              ᠲᠤᠰ ᠠᠵᠢᠯᠯᠠᠭ᠎ᠠ ᠨᠢ ᠦᠷᠬᠡᠨ ᠤᠯᠠᠨ ᠪᠠᠭᠰᠢ ᠰᠤᠷᠤᠬᠴᠢ ᠶᠢᠨ ᠤᠷ᠎ᠠ ᠠᠪᠢᠶᠠᠰ ᠢᠶᠠᠨ ᠭᠠᠶᠢᠬᠠᠭᠤᠯᠬᠤ ᠲᠠᠪᠴᠡᠩ ᠪᠤᠯᠤᠬᠰᠠᠨ ᠪᠦᠭᠡᠳ ᠰᠤᠷᠤᠬᠴᠢᠳ ᠢ ᠪᠡᠶ᠎ᠡ ᠶᠢᠨ ᠲᠠᠮᠢᠷ ᠤᠨ ᠬᠦᠳᠡᠯᠬᠡᠬᠡᠨ ᠳᠤ ᠲᠤᠷ᠎ᠠ ᠪᠠᠬ᠎ᠠ ᠲᠠᠢ  ᠪᠤᠯᠭᠠᠵᠦ᠂ ᠨᠡᠶᠢᠳᠡᠴᠢ ᠦᠵᠡᠯ ᠢ ᠨᠢ ᠬᠦᠮᠦᠵᠢᠬᠦᠯᠬᠦ ᠪᠠᠷ ᠭᠤᠤᠯ ᠵᠤᠷᠢᠯᠭ᠎ᠠ ᠪᠠᠨ ᠪᠤᠯᠭᠠᠬᠰᠠᠨ ᠪᠠᠶᠢᠨ᠎ᠠ᠃ ᠲᠤᠰ ᠤᠳᠠᠭᠠᠨ ᠤ ᠨᠠᠭᠠᠳᠦᠮ ᠨᠢ ᠬᠤᠶᠠᠷ ᠡᠳᠦᠷ ᠤᠨ ᠬᠤᠭᠤᠴᠠᠭ᠎ᠠ ᠲᠠᠢ ᠶᠠᠪᠤᠬᠳᠠᠵᠦ᠂ ᠪᠠᠭᠰᠢ ᠰᠤᠷᠤᠬᠴᠢᠳ ᠤᠨ ᠬᠦᠨᠳᠦ ᠬᠦᠩᠭᠡᠨ ᠪᠡᠶ᠎ᠡ ᠶᠢᠨ ᠲᠠᠮᠢᠷ ᠤᠨ ᠤᠷᠤᠯᠳᠤᠭᠠᠨ᠂ ᠪᠦᠬᠡ ᠪᠠᠷᠢᠯᠳᠤᠬᠤ᠂ ᠨᠤᠮᠤ ᠰᠤᠮᠤ ᠬᠠᠷᠪᠤᠬᠤ᠂ ᠰᠢᠳᠠᠷ᠎ᠠ  ᠶᠢᠨ ᠤᠷᠤᠯᠳᠤᠭᠠᠨ᠂ ᠪᠢᠯᠠᠭᠤ ᠰᠢᠳᠡᠬᠦ ᠵᠡᠷᠭᠡ ᠡᠯᠪᠡᠭ ᠪᠠᠶᠠᠯᠢᠭ ᠠᠭᠤᠯᠭ᠎ᠠ ᠲᠤᠬᠢᠷᠠᠭᠤᠯᠵᠦ᠂ ᠰᠤᠷᠭᠠᠭᠤᠯᠢ ᠶᠢᠨ ᠬᠦᠷᠢᠶᠡᠨ ᠤ ᠰᠤᠶᠤᠯ ᠤᠨ ᠠᠮᠢᠳᠦᠷᠠᠯ ᠢ ᠪᠠᠶᠠᠯᠢᠬᠵᠢᠭᠤᠯᠤᠬᠰᠠᠨ ᠪᠠᠶᠢᠨ᠎ᠠ᠃        ᠡᠬᠡ ᠪᠢᠴᠢᠭ ᠢ ᠬᠢᠩᠭᠠᠨ ᠤ ᠡᠳᠦᠷ ᠤᠨ ᠰᠤᠨᠢᠨ ᠤ ᠬᠤᠷᠢᠶ᠎ᠠ ᠶᠢᠨ ᠰᠤᠷᠪᠤᠯᠵᠢᠯᠠᠬᠴᠢ  ᠡᠤ  ᠰᠡᠷᠬᠦᠯᠡᠩ  ᠴᠡᠩᠭᠡᠯᠳᠤ ᠬᠠᠩᠭᠠᠪᠠ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1