ᠪᠠᠶᠠᠷ ᠵᠢᠷᠭᠠᠯ ᠢ ᠲᠥᠬᠦᠷᠡᠩ ᠪᠢᠯᠬᠠᠭᠤᠯᠤᠭᠰᠠᠨ ᠬᠡᠤᠬᠡᠳ ᠤᠨ ᠪᠠᠶᠠᠷ
ᠨᠡᠶᠢᠲᠡᠯᠡᠭᠰᠡᠨ ᠴᠠᠭ᠄
2023/6/5
      5 ᠰᠠᠷ᠎ᠠ ᠶᠢᠨ 31 ᠤ ᠡᠳᠤᠷ᠂ ︽6.1︾ ᠤ ᠳᠡᠯᠡᠭᠡᠢ ᠶᠢᠨ ᠬᠡᠤᠬᠡᠳ ᠤᠨ ᠪᠠᠶᠠᠷ ᠤᠨ ᠡᠳᠤᠷ ᠬᠦᠷᠴᠦ ᠢᠷᠡᠬᠦ ᠶᠢ ᠲᠤᠬᠢᠶᠠᠯᠳᠤᠭᠤᠯᠤᠨ᠂ ᠣᠷᠳᠤᠰ ᠬᠤᠳᠠ ᠶᠢᠨ ᠡᠵᠡᠨ ᠬᠤᠷᠤᠭ᠎ᠠ ᠬᠤᠰᠢᠭᠤᠨ ᠤ ᠮᠣᠩᠭᠤᠯ ᠦᠨᠳᠤᠰᠤᠳᠡᠨ ᠤ ᠬᠤᠶᠠᠳᠤᠭᠠᠷ ᠬᠡᠤᠬᠡᠳ ᠤᠨ ᠴᠡᠴᠡᠷᠯᠢᠭ ᠤᠨ ︽ᠬᠡᠤᠬᠡᠳ ᠪᠠᠭᠠᠴᠤᠳ ᠤᠨ ᠬᠦᠮᠤᠵᠢᠯ ᠢ  ᠴᠢᠬᠤᠯᠠᠴᠢᠯᠠᠵᠦ᠂ ᠡᠷᠡᠬᠦᠯ ᠢᠶᠠᠷ ᠥᠰᠦᠨ ᠪᠤᠶᠢᠵᠢᠬᠤ ᠶᠢ ᠬᠠᠯᠠᠮᠵᠢᠯᠠᠶ᠎ᠠ︾ ᠪᠦᠬᠦ ᠣᠯᠣᠰ ᠤᠨ ᠰᠤᠷᠭᠠᠭᠤᠯᠢ ᠶᠢᠨ ᠨᠠᠰᠤᠨ ᠠᠴᠠ ᠡᠮᠤᠨᠡᠬᠢ ᠰᠤᠷᠭᠠᠨ ᠬᠦᠮᠤᠵᠢᠯ ᠤᠨ ᠤᠬᠠᠭᠤᠯᠭ᠎ᠠ ᠶᠢᠨ ᠰᠠᠷ᠎ᠠ ᠶᠢᠨ ᠡᠬᠢᠯᠡᠯᠲᠡ ᠶᠢᠨ ᠶᠣᠰᠤᠯᠠᠯ ᠵᠢᠴᠢ ︽6.1︾ ᠤ ᠬᠡᠤᠬᠡᠳ ᠤᠨ ᠪᠠᠶᠠᠷ ᠢ ᠪᠡᠯᠭᠡᠯᠡᠬᠦ ᠰᠢᠷᠢᠰ ᠠᠵᠢᠯᠯᠠᠭ᠎ᠠ ᠪᠠᠨ ᠬᠦᠭᠵᠢᠶᠡᠨᠳᠡᠢ ᠡᠬᠢᠯᠡᠬᠦᠯᠵᠦ᠂ ᠰᠤᠷᠭᠠᠭᠤᠯᠢ ᠶᠢᠨ ᠬᠦᠷᠢᠶᠠᠨ ᠳᠤ ᠪᠠᠶᠠᠷ ᠵᠢᠷᠭᠠᠯ ᠢ ᠲᠥᠬᠦᠷᠡᠩ ᠪᠢᠯᠬᠠᠭᠤᠯᠤᠯ᠎ᠠ᠃               ᠲᠤᠰ ᠤᠳᠠᠭᠠᠨ ᠤ ᠠᠵᠢᠯᠯᠠᠭ᠎ᠠ ᠪᠠᠷ᠂ ᠰᠤᠷᠭᠠᠭᠤᠯᠢ ᠶᠢᠨ ᠬᠢᠨ ᠬᠡᠤᠬᠡᠳ  ᠪᠠᠭᠠᠴᠤᠳ ᠤᠨ ᠬᠦᠰᠡᠯ ᠪᠤᠳᠤᠯ ᠢ ᠨᠢ ᠰᠣᠨᠤᠰᠴᠤ᠂ ᠳᠤᠷ᠎ᠠ ᠪᠠᠬ᠎ᠠ ᠳᠤ ᠨᠢ ᠵᠣᠬᠢᠴᠠᠭᠤᠯᠤᠨ᠂ ᠤᠷ᠎ᠠ ᠠᠪᠢᠶᠠᠰ ᠤᠨ ᠦᠵᠡᠬᠦᠯᠦᠯᠭᠡ᠂ ᠤᠷᠠᠨ ᠰᠠᠶᠢᠬᠠᠨ ᠤ ᠲᠤᠭᠯᠠᠯᠳᠠ᠂ ᠭᠡᠷ ᠪᠦᠯᠢ ᠶᠢᠨ ᠰᠣᠨᠢᠷᠬᠠᠯᠲᠤ ᠪᠡᠶ᠎ᠡ ᠶᠢᠨ ᠲᠠᠮᠢᠷ ᠤᠨ ᠲᠤᠭᠯᠠᠭᠠᠮ᠂ ᠠᠮᠳᠠᠳᠤ ᠢᠳᠡᠭᠡᠨ ᠤ ᠨᠠᠶᠢᠷ᠂ ᠣᠷᠠᠨ  ᠵᠢᠷᠤᠭ ᠤᠨ  ᠲᠡᠯᠭᠡᠨ ᠦᠵᠡᠬᠦᠯᠦᠯᠭᠡ ᠵᠡᠷᠭᠡ ᠠᠵᠢᠯᠯᠠᠭ᠎ᠠ ᠶᠢ ᠲᠤᠬᠢᠷᠠᠭᠤᠯᠤᠨ᠂ ᠪᠠᠭᠰᠢ ᠂ ᠬᠡᠤᠬᠡᠳ᠂ ᠭᠡᠷ ᠤᠨ ᠠᠬᠠᠮᠠᠳ  ᠬᠠᠮᠵᠢᠯᠴᠡᠨ  ᠰᠡᠳᠤᠵᠦ᠂ ᠬᠠᠮᠳᠤᠷᠠᠨ ᠵᠤᠬᠢᠶᠠᠨ ᠪᠠᠶᠢᠭᠤᠯᠤᠨ᠂ ᠬᠠᠮᠳᠤᠪᠠᠷ ᠣᠷᠤᠯᠴᠠᠭᠰᠠᠨ ᠪᠠᠶᠠᠷ ᠵᠢᠷᠭᠠᠯᠳᠠᠢ ᠴᠠᠭ ᠮᠥᠴᠡ ᠶᠢ ᠲᠡᠮᠳᠡᠭᠯᠡᠯ᠎ᠡ᠃        ︵ᠣᠷᠳᠤᠰ ᠬᠤᠳᠠ ᠶᠢᠨ ᠬᠠᠮ ᠵᠠᠭᠤᠴᠢᠯᠠᠭᠤᠷ ᠤᠨ ᠲᠥᠪ︶
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1