ᠠᠮᠢᠳᠤᠷᠠᠯ ᠳᠤ ᠲᠤᠰᠠᠯᠠᠬᠤ ᠶᠡᠷᠦ ᠶᠢᠨ ᠮᠡᠳᠡᠯᠭᠡ
ᠨᠡᠶᠢᠲᠡᠯᠡᠭᠰᠡᠨ ᠴᠠᠭ᠄
2023/6/5
      ᠪᠢᠳᠡ ᠠᠮᠢᠳᠤᠷᠠᠯ ᠳᠠᠭᠠᠨ ᠲᠤᠰᠠᠲᠠᠢ ᠶᠡᠷᠦ ᠶᠢᠨ ᠮᠡᠳᠡᠯᠭᠡ ᠶᠢ ᠪᠠᠭ᠎ᠠ ᠴᠦ ᠭᠡᠰᠡᠨ ᠰᠤᠷᠴᠦ ᠡᠵᠡᠮᠰᠢᠵᠤ ᠪᠠᠶᠢᠪᠠᠯ ᠰᠠᠶᠢᠨ ᠶᠤᠮ᠃ ᠲᠤᠩ ᠴᠦ ᠬᠢᠯᠪᠠᠷ ᠵᠦᠢᠯ ᠢ ᠡᠪ ᠢ ᠨᠢ ᠤᠯᠬᠤ ᠦᠬᠡᠢ ᠦᠶ᠎ᠡ ᠳᠤ ᠠᠷᠭ᠎ᠠ ᠪᠠᠨ ᠪᠠᠷᠠᠵᠤ ᠴᠦᠬᠦᠷᠡᠳᠡᠭ᠂ ᠳᠣᠣᠷ᠎ᠠ ᠠᠮᠢᠳᠤᠷᠠᠯ ᠳᠤᠮᠳᠠ ᠦᠷᠭᠦᠯᠵᠢ ᠬᠡᠷᠡᠭᠰᠡᠬᠦ ᠶᠡᠷᠦ ᠶᠢᠨ ᠮᠡᠳᠡᠯᠭᠡ ᠠᠴᠠ ᠬᠡᠳᠦ ᠶᠢ ᠬᠤᠪᠢᠶᠠᠯᠴᠠᠶ᠎ᠠ᠃      1᠂ ᠠᠪᠠᠷᠠᠶ ᠶᠢᠨ ᠬᠠᠯᠢᠰᠤ ᠶᠢ ᠭᠠᠯ ᠲᠡᠭᠡᠷ᠎ᠡ ᠬᠡᠳᠦ ᠡᠷᠭᠢᠭᠦᠯᠦᠭᠡᠳ ᠠᠪᠤᠪᠠᠯ ᠬᠠᠯᠢᠰᠤ ᠶᠢ ᠨᠢ ᠱᠠᠭᠠᠯᠬᠤ ᠳᠤ ᠠᠮᠠᠷᠬᠠᠨ ᠪᠠᠶᠢᠵᠤ᠂ ᠲᠥᠪᠡᠳ ᠬᠠᠰᠢ ᠶᠢ ᠬᠠᠯᠠᠭᠤᠨ ᠤᠰᠤᠨ ᠳᠤ ᠬᠢᠪᠡᠯ ᠬᠠᠯᠢᠰᠤ ᠨᠢ ᠠᠮᠠᠷᠬᠠᠨ ᠱᠠᠭᠠᠷᠠᠳᠠᠭ᠃      2᠂ ᠲᠡᠮᠦᠷ ᠲᠣᠭᠤᠭ᠎ᠠ ᠪᠠᠷ ᠶᠠᠭᠤᠮ᠎ᠠ ᠬᠠᠭᠠᠷᠢᠬᠤ ᠦᠶᠡᠰ᠂ ᠤᠷᠢᠳ ᠢᠶᠠᠷ ᠲᠣᠭᠤᠭ᠎ᠠ ᠪᠠᠨ ᠭᠠᠯ ᠳᠡᠭᠡᠷ᠎ᠡ ᠲᠠᠯᠪᠢᠵᠤ ᠬᠠᠯᠠᠭᠠᠵᠤ᠂ ᠪᠠᠭ᠎ᠠ ᠬᠡᠮᠵᠢᠶᠡᠨ ᠤ ᠲᠣᠰᠣ ᠬᠢᠵᠤ ᠬᠠᠯᠠᠭᠠᠭᠰᠠᠨ ᠤ ᠳᠠᠷᠠᠭ᠎ᠠ ᠠᠰᠬᠠᠨ᠎ᠠ᠂ ᠳᠠᠬᠢᠨ ᠬᠦᠢᠲᠡᠨ ᠲᠣᠰᠣ ᠬᠢᠪᠡᠯ ᠲᠡᠮᠦᠷ ᠲᠣᠭᠤᠭ᠎ᠠ ᠨᠠᠭᠠᠯᠳᠤᠬᠤ ᠦᠭᠡᠢ ᠪᠤᠯᠳᠠᠭ᠃          3᠂ ᠬᠠᠪᠢᠷᠭ᠎ᠠ ᠴᠢᠨᠠᠬᠤ ᠪᠤᠶᠤ ᠱᠥᠯᠥ ᠬᠢᠬᠦ ᠳᠡᠭᠡᠨ ᠪᠠᠭ᠎ᠠ ᠬᠡᠮᠵᠢᠶᠡᠨ ᠤ ᠼᠤᠤ ᠬᠢᠪᠡᠯ ᠺᠠᠯᠼ ᠰᠢᠩᠭᠡᠭᠡᠬᠦ ᠳᠤ ᠠᠰᠢᠭᠲᠠᠢ ᠪᠠᠶᠢᠳᠠᠭ᠃      4᠂ ᠪᠤᠳᠠᠭ᠎ᠠ ᠵᠢᠩᠨᠡᠬᠦ ᠳᠡᠭᠡᠨ ᠲᠣᠭᠤᠭᠠᠨ ᠳᠠᠭᠠᠨ ᠬᠡᠳᠦᠨ ᠳᠤᠰᠤᠯ ᠲᠣᠰᠣ ᠲᠤᠰᠤᠭᠠᠪᠠᠯ ᠵᠢᠩᠨᠡᠵᠦ ᠭᠠᠷᠭᠠᠭᠰᠠᠨ ᠪᠤᠳᠠᠭ᠎ᠠ ᠠᠮᠲᠠᠲᠠᠢ ᠪᠦᠭᠡᠳ ᠲᠣᠭᠤᠭᠠᠨ ᠳᠤ ᠨᠠᠭᠠᠯᠳᠤᠬᠤ ᠦᠭᠡᠢ᠃      5᠂ ᠬᠠᠷ᠎ᠠ ᠳᠡᠯᠳᠡᠦ ᠶᠢ ᠤᠬᠢᠶᠠᠬᠤ ᠳᠠᠭᠠᠨ ᠵᠢᠭᠠᠬᠠᠨ ᠭᠤᠯᠢᠷ ᠬᠢᠪᠡᠯ᠂ ᠭᠬᠢᠷ ᠪᠤᠷᠲᠠᠭ ᠢ ᠰᠠᠶᠢᠬᠠᠨ ᠤᠬᠢᠶᠠᠵᠤ ᠠᠷᠢᠯᠭᠠᠳᠠᠭ᠃      6᠂ ᠦᠵᠦᠮ ᠢ ᠤᠬᠢᠶᠠᠬᠤ ᠳᠠᠭᠠᠨ ᠵᠢᠭᠠᠬᠠᠨ ᠴᠠᠷᠳᠠᠭᠤᠯ ᠬᠢᠪᠡᠯ᠂ ᠭᠦᠯᠲᠡᠭᠡᠨᠡᠵᠤ ᠰᠠᠶᠢᠬᠠᠨ ᠤᠬᠢᠶᠠᠭᠳᠠᠳᠠᠭ ᠃            7᠂ ᠪᠠᠩᠰᠢ ᠴᠢᠨᠠᠬᠤ ᠦᠶᠡᠰ ᠲᠤᠭᠤᠭᠠᠨ ᠳᠤ ᠬᠡᠳᠦᠨ ᠰᠢᠷᠭᠡᠭ ᠬᠡᠷᠴᠢᠭᠰᠡᠨ ᠰᠤᠩᠭᠢᠨ᠎ᠠ ᠬᠢᠪᠡᠯ ᠪᠠᠩᠰᠢ ᠲᠤᠭᠤᠭᠠᠨ ᠳᠤ ᠨᠠᠭᠠᠯᠳᠤᠬᠤ ᠦᠭᠡᠢ ᠪᠤᠯᠳᠠᠭ᠃ᠢᠷᠡᠯᠳᠡ᠄ ᠠᠷᠠᠳ ᠤᠨ ᠰᠦᠯᠵᠢᠶ᠎ᠡ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1