︽ᠮᠢᠨᠦ ᠬᠠᠴᠠᠷ ᠨᠢᠭᠤᠷ ᠲᠡᠭᠦᠨ ᠳᠤ ᠦᠭᠡᠶᠢᠬᠢᠭᠳᠡᠪᠡ︾᠂ ᠡᠶᠢᠮᠦ ᠬᠤᠷᠣᠬᠠᠢ ᠶᠢ ᠪᠢᠲᠡᠭᠡᠢ ᠠᠯᠠᠭᠠᠳᠠᠵᠤ ᠠᠯᠠ ︕
ᠨᠡᠶᠢᠲᠡᠯᠡᠭᠰᠡᠨ ᠴᠠᠭ᠄
2023/6/6
      ︽ᠮᠢᠨᠦ ᠬᠠᠴᠠᠷ ᠨᠢᠭᠤᠷ ᠤᠬᠤᠷ ᠲᠠᠯᠠᠪᠴᠢᠳᠦ ᠴᠤᠬᠤ ᠳᠤ ᠦᠭᠡᠶᠢᠬᠢᠭᠳᠡᠪᠡ︕︾ ᠭᠡᠳᠡᠭ  ᠶᠠᠷᠢᠶ᠎ᠠ ᠨᠢ ᠥᠨᠥᠳᠦᠷ ᠪᠢᠴᠢᠯ ᠪᠯᠤᠭ ᠤᠨ ᠬᠠᠯᠠᠭᠤᠨ ᠡᠷᠢᠯᠳᠡ ᠪᠤᠯᠵᠤ᠂ ᠴᠥᠭᠡᠨ ᠪᠤᠰᠤ ᠰᠦᠯᠵᠢᠶᠡᠨ ᠨᠠᠶᠢᠵᠠ ᠨᠠᠷ ᠰᠢᠷᠬ᠎ᠠ ᠰᠣᠷᠪᠢ   ᠪᠠᠨ  ᠰᠦᠯᠵᠢᠶ᠎ᠡ‌‍ᠲ᠋ᠡᠭᠡᠷ᠎ᠡ ᠲᠠᠯᠪᠢᠵᠦ ᠦᠵᠡᠬᠦᠯᠪᠡ ᠁              ᠤᠳᠤᠷᠢᠳᠤᠯᠭ᠎ᠠ ᠡ᠂ ᠪᠢ ᠪᠣᠯ ᠰᠢᠶᠣᠤ ᠮᠢᠩ᠄ ᠡᠶᠢᠮᠦ ᠬᠤᠷᠣᠬᠠᠢ ᠶᠢ ᠣᠯᠵᠤ  ᠦᠵᠡᠪᠡᠯ᠂ ᠪᠢᠲᠡᠭᠡᠢ ᠠᠯᠠᠭᠠᠳᠠᠵᠤ ᠠᠯᠠ᠂ ᠦᠯᠢᠶᠡᠵᠦ ᠦᠷᠭᠦᠭᠡᠬᠦ ᠪᠤᠶᠤ ᠨᠢᠰᠠᠯᠠᠵᠤ ᠶᠠᠪᠤᠭᠤᠯ᠂ ᠳᠠᠷᠠᠭ᠎ᠠ ᠨᠢ ᠪᠠᠷᠢᠨ ᠲᠤᠤᠷ᠎ᠠ ᠪᠠᠨ ᠰᠠᠪᠤᠩ ᠲᠠᠢ ᠤᠰᠤ ᠪᠠᠷ ᠨᠢᠭᠤᠷ ᠭᠠᠷ ᠢᠶᠠᠨ ᠤᠬᠢᠶᠠᠵᠤ᠂ ᠢᠯᠡᠭᠦᠦ ᠬᠡᠲᠦ ᠤᠳᠠᠭ᠎ᠠ ᠤᠬᠢᠶᠠ᠃ ᠴᠤᠬᠤ ᠬᠤᠷᠣᠬᠠᠢ  ᠶᠢᠨ ᠪᠡᠶ᠎ᠡ ᠳᠣᠲᠣᠷ᠎ᠠ ᠬᠤᠤᠷ ᠪᠠᠶᠢᠳᠠᠭ ᠪᠤᠯᠬᠤᠷ ᠬᠠᠴᠠᠷ ᠨᠢᠭᠤᠷ ᠲᠡᠭᠡᠷ᠎ᠡ ᠪᠠᠨ ᠠᠯᠠᠭᠠᠳᠠᠵᠤ ᠠᠯᠠᠪᠠᠯ ᠴᠦᠪᠦᠷᠢᠭᠦᠳᠡᠵᠦ ᠢᠳᠡᠭᠡᠯᠡᠨ᠎ᠡ᠂ ᠬᠦᠨᠳᠦᠷᠡᠬᠦ ᠦᠶ᠎ᠡ ᠳᠤ ᠪᠠᠰᠠ ᠬᠠᠯᠠᠭᠤᠷᠠᠵᠤ ᠮᠡᠳᠡᠨ᠎ᠡ᠃              ᠬᠤ᠋ ᠣᠪᠣᠭᠲᠤ JO ᠶᠠ᠄ ᠨᠢᠳᠤᠨᠤᠨ ᠵᠤᠨ ᠡᠨᠡ ᠬᠤᠷᠣᠬᠠᠢ ᠳᠤ ᠬᠠᠴᠠᠷ ᠨᠢᠭᠤᠷ ᠦᠭᠡᠶᠢᠬᠢᠭᠳᠡᠪᠡ᠂ ᠮᠠᠩᠨᠠᠢ ᠲᠡᠭᠡᠷᠡᠬᠢ ᠨᠢᠭᠡ ᠬᠡᠰᠡᠭ ᠭᠠᠵᠠᠷ ᠪᠤᠯᠤᠨ ᠭᠠᠷ ᠲᠡᠭᠡᠷᠡᠬᠢ ᠬᠤᠶᠠᠷ ᠬᠡᠰᠡᠭ ᠭᠠᠵᠠᠷ ᠲᠤ ᠦᠯᠡᠳᠡᠭᠰᠡᠨ ᠰᠣᠷᠪᠢ ᠨᠢ ᠤᠳᠤ ᠪᠣᠯᠲᠠᠯ᠎ᠠ ᠪᠦᠷ ᠬᠠᠷᠠᠬᠳᠠᠬᠰᠠᠭᠠᠷ ᠪᠠᠶᠢᠨ᠎ᠠ᠁ ᠬᠡᠪᠡ᠃ ᠤᠬᠤᠷ ᠲᠠᠯᠠᠪᠴᠢᠳᠦ ᠴᠤᠬᠤ ᠦᠨᠡᠨᠳᠡᠭᠡᠨ ᠬᠥᠮᠦᠨ ᠬᠠᠵᠠᠳᠠᠭ ᠦᠭᠡᠢ ᠶᠤᠮ᠂ ᠡᠨᠡ ᠬᠤᠷᠤᠬᠠᠢ ᠬᠥᠮᠦᠨ ᠤ  ᠠᠷᠠᠰᠤ ᠮᠢᠬᠠᠨ ᠲᠡᠭᠡᠷ᠎ᠡ ᠢᠷᠡᠵᠦ ᠰᠠᠭᠤᠪᠠᠯ᠂ ᠬᠦᠮᠦᠰ ᠦᠷᠭᠦᠯᠵᠢ ᠲᠡᠭᠦᠨ ᠢ ᠠᠯᠠᠭᠠᠳᠠᠨ ᠠᠯᠠᠬᠤ ᠪᠤᠶᠤ ᠪᠢᠯᠴᠠᠯᠠᠵᠤ ᠠᠯᠠᠳᠠᠭ᠂ ᠡᠨᠡ ᠦᠶ᠎ᠡ ᠳᠤ᠂  ᠬᠤᠤᠷᠲᠤ ᠰᠢᠩᠭᠡᠨ ᠨᠢ ᠶᠡᠭᠡ ᠬᠡᠮᠵᠢᠶ᠎ᠡ ᠪᠠᠷ ᠦᠰᠦᠷᠦᠨ ᠭᠠᠷᠳᠠᠭ ᠪᠦᠭᠡᠳ ᠮᠠᠰᠢ ᠶᠡᠭᠡ ᠬᠦᠴᠢᠯᠯᠢᠭ ᠴᠢᠨᠠᠷ   ᠲᠠᠢ ᠪᠠᠶᠢᠳᠠᠭ᠂ ᠲᠡᠷᠡᠴᠢᠯᠡᠨ ᠬᠥᠮᠦᠨ ᠤ ᠠᠷᠠᠰᠤ ᠮᠢᠬ᠎ᠠ ᠶᠢ ᠢᠳᠡᠭᠳᠡᠭᠦᠯᠬᠦ ᠴᠢᠨᠠᠷ ᠢᠶᠠᠷ ᠴᠤ ᠮᠠᠰᠢ ᠶᠡᠭᠡ ᠪᠠᠶᠢᠳᠠᠭ᠃              ᠡᠶᠢᠮᠦ ᠠᠴᠠ᠂ ᠡᠶᠢᠮᠦ ᠬᠤᠷᠣᠬᠠᠶ ᠲᠠᠢ ᠲᠠᠭᠠᠷᠠᠯᠳᠤᠪᠠᠯ᠂ ᠪᠢᠲᠡᠭᠡᠶ ᠴᠣᠬᠢᠵᠤ ᠠᠯᠠ᠂ ᠵᠥᠪᠬᠡᠨ ᠦᠯᠢᠶᠡᠨ  ᠦᠷᠭᠦᠭᠡᠵᠦ ᠶᠠᠪᠤᠭᠤᠯᠪᠠᠯ ᠪᠣᠯᠴᠢᠬᠠᠨ᠎ᠠ᠃ᠢᠷᠡᠯᠳᠡ᠄ ᠠᠷᠠᠳ ᠤᠨ ᠰᠦᠯᠵᠢᠶ᠎ᠡ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1