ᠬᠤᠳᠠᠯᠳᠣᠭᠳᠠᠭᠰᠠᠨ ᠬᠡᠦᠬᠡᠳ ᠲᠤ ᠬᠡᠨ ᠡᠷᠦᠬᠡ ᠠᠮᠠ ᠶᠢᠨ ᠳᠠᠩᠰᠠ ᠬᠢᠵᠦ ᠥᠭᠭᠦᠭᠰᠡᠨ ᠪᠤᠯ︖
ᠨᠡᠶᠢᠲᠡᠯᠡᠭᠰᠡᠨ ᠴᠠᠭ᠄
2021/12/13
      ᠱᠠᠨᠳᠦ᠋ᠩ ᠮᠤᠵᠢ ᠶᠢᠨ ᠯᠢᠶᠣᠣᠴᠧᠩ ᠬᠤᠲᠠ ᠶᠢᠨ ᠶᠠᠩ ᠬᠥ᠋ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ 12 ᠳ᠋ᠣᠭᠠᠷ ᠰᠠᠷ᠎ᠠ ᠶᠢᠨ 8 ᠤ ᠡᠳᠦᠷ ᠡᠶᠢᠮᠦ ᠨᠢᠭᠡᠨ ᠮᠡᠳᠡᠭᠳᠡᠯ ᠨᠡᠶᠢᠲᠡᠯᠡᠵᠡᠢ᠄ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠨ ᠣᠶᠢᠷ᠎ᠠ ᠳᠤ ︽ᠬᠠᠶᠢᠷᠠᠲᠤ ᠮᠢᠨᠢ︾ ᠬᠡᠳᠡᠭ ᠺᠢᠨᠣ᠋ ᠶᠢᠨ ᠦᠯᠢᠭᠡᠷ ᠲᠠᠬᠢ ᠤᠭ ᠳᠦᠷᠢ ᠪᠣᠯᠬᠤ ᠰᠦᠨ ᠬᠠᠶ ᠶᠠᠩ ᠤᠨ ᠬᠦᠦ ᠪᠠᠨ ᠬᠤᠯᠠᠭᠠᠢ ᠳᠤ ᠠᠯᠳᠠᠭᠰᠠᠨ ᠬᠡᠷᠡᠭ ᠢ ᠠᠮᠵᠢᠯᠲᠠᠲᠠᠶ ᠮᠦᠷᠳᠡᠨ ᠢᠯᠡᠷᠡᠭᠦᠯᠵᠦ᠂ ᠨᠡᠶᠢᠭᠡᠮ ᠨᠡᠶᠢᠲᠡ ᠶᠢᠨ ᠠᠩᠬᠠᠷᠤᠯ ᠢ ᠳᠠᠳᠠᠯ᠎ᠠ᠃                          ᠪᠢᠳᠡ ᠲᠡᠷᠡ ᠳᠠᠷᠤᠶ ᠳᠤᠨᠢ ᠲᠤᠰᠬᠠᠶ ᠬᠡᠷᠡᠭ ᠤᠨ ᠳᠤᠭᠤᠶᠢᠯᠠᠩ ᠪᠠᠶᠢᠭᠤᠯᠵᠤ  ᠮᠡᠬᠡᠯᠡᠭᠳᠡᠨ ᠬᠤᠳᠠᠯᠳᠤᠭᠳᠠᠭᠰᠠᠨ ᠬᠡᠦᠬᠡᠳ ᠤᠨ ᠡᠷᠦᠬᠡ ᠠᠮᠠ ᠶᠢᠨ ᠳᠠᠩᠰᠠ ᠶᠢ ᠰᠢᠢᠳᠪᠦᠷᠢᠯᠡᠭᠰᠡᠨ ᠠᠰᠠᠭᠤᠳᠠᠯ ᠤᠨ ᠲᠤᠬᠠᠶ ᠪᠠᠶᠢᠴᠠᠭᠠᠯᠲᠠ ᠬᠢᠵᠦ᠂ ᠠᠩᠬ᠎ᠠ ᠠᠯᠬᠤᠮ ᠪᠠᠶᠢᠴᠠᠭᠠᠨ ᠳᠣᠳᠣᠯᠠᠯ᠎ᠠ᠃ ᠰᠦᠨ ᠵᠦᠸᠧ᠂ ᠳᠠᠷᠤᠶ ᠰᠦᠨ ᠬᠠᠶ ᠶᠠᠩ ᠤᠨ  ᠬᠦᠦ᠂ ᠣᠳᠣ ᠭᠦᠸᠧ ᠣᠪᠣᠬᠳᠠᠢ᠂ ᠡᠷᠦᠬᠡ ᠠᠮᠠ ᠶᠢᠨ ᠳᠠᠩᠰᠠ ᠨᠢ‌ᠬᠠᠷᠠᠮᠥ᠋ᠷᠡᠨ ᠮᠤᠵᠢ ᠶᠢᠨ ᠨᠢᠭᠡᠨ ᠬᠤᠲᠠ ᠳᠤ ᠪᠠᠶᠢᠨ᠎ᠠ᠃      ᠮᠡᠳᠡᠭᠡᠯᠡᠯ ᠳᠤ ᠬᠤᠯᠪᠣᠭᠳᠠᠭᠰᠠᠨ ᠪᠠᠰᠠ‌ᠨᠢᠭᠡ ᠬᠤᠯᠠᠭᠠᠶᠢᠯᠠᠬᠳᠠᠭᠰᠠᠨ ᠬᠡᠦᠬᠡᠳ ᠹᠦ᠋ ᠵᠢᠶᠠᠨ ᠲᠤᠤ ᠤᠳᠤ ᠡᠦ ᠤᠪᠤᠬᠳᠠᠢ᠂ ᠡᠷᠦᠬᠡ ᠠᠮᠠ ᠶᠢᠨ ᠳᠠᠩᠰᠠ ᠨᠢ ᠲᠤᠰ ᠰᠢᠶᠠᠨ ᠳᠠᠭᠠᠨ ᠪᠤᠶ᠃ ᠬᠠᠮᠢᠶᠠᠳᠠᠢ ᠪᠠᠶᠢᠳᠠᠯ ᠢ ᠣᠳᠣ ᠴᠢᠨᠠᠭᠰᠢᠳᠠ ᠪᠠᠶᠢᠴᠠᠭᠠᠵᠤ ᠪᠠᠶᠢᠨ᠎ᠠ᠂ ᠰᠠᠬᠢᠯᠭ᠎ᠠ ᠲᠣᠭᠲᠠᠭᠠᠯ ᠠᠴᠠ ᠵᠥᠷᠢᠴᠡᠭᠰᠡᠨ ᠠᠰᠠᠭᠤᠳᠠᠯ ᠢ ᠪᠦᠬᠦᠨ ᠢ ᠴᠢᠩᠭ᠎ᠠ ᠰᠢᠢᠳᠪᠦᠷᠢᠯᠡᠬᠦ ᠪᠤᠯᠤᠨ᠎ᠠ᠃              ᠶᠠᠩ ᠬᠦ᠋ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ              2021 ᠣᠨ ᠤ 12 ᠰᠠᠷ᠎ᠠ ᠶᠢᠨ 8 ᠤ ᠡᠳᠦᠷ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1