ᠨᠠᠶᠢᠵᠠ ᠶᠢᠨ ᠲᠣᠭᠤᠷᠢᠭ ᠲᠤ ᠴᠢᠨᠢ ᠡᠶᠢᠮᠦ ᠬᠥᠮᠦᠨ ᠪᠠᠶᠢᠬᠤ ᠶᠢ ᠣᠯᠵᠤ ᠮᠡᠳᠡᠪᠡᠯ ᠲᠠᠷᠤᠶᠢᠬᠠᠨ ᠭᠠᠷᠭᠠᠵᠤ ᠬᠠᠶᠠᠭᠠᠷᠠᠢ ︕
ᠨᠡᠶᠢᠲᠡᠯᠡᠭᠰᠡᠨ ᠴᠠᠭ᠄
2021/12/17
      ᠤᠯᠠᠨ ᠢᠶᠠᠷ ᠢᠶᠠᠨ ᠰᠦᠯᠵᠢᠶᠡᠨ ᠤ ᠰᠠᠶᠢᠨ ᠨᠠᠶᠢᠵᠠ ᠶᠢᠨ ᠨᠡᠷᠡᠰ ᠲᠤ ᠴᠢᠨᠢ ᠡᠶᠢᠮᠦ ᠬᠥᠮᠦᠨ ᠪᠠᠶᠢᠬᠤ ᠡᠰᠡᠬᠦ ᠶᠢ ᠲᠦᠷᠭᠡᠨ ᠦᠵᠡᠭᠡᠷᠡᠢ᠂ ︽ᠲᠡᠷᠡ︾ ᠡᠶᠡᠯᠳᠡᠭ ᠵᠥᠭᠡᠯᠡᠨ ᠭᠤᠶᠤ ᠭᠠᠩᠭᠠᠩ᠂ ᠠᠵᠢᠯ ᠦᠢᠯᠡᠰ ᠲᠡᠭᠡᠨ ᠠᠮᠵᠢᠯᠳᠠ ᠲᠠᠢ ᠮᠦᠷᠳᠡᠭᠡᠨ ᠪᠡᠯᠡ ᠣᠷᠣᠭᠤᠯᠵᠤ ᠬᠦᠷᠦᠩᠭᠡ ᠬᠠᠮᠢᠶᠠᠷᠬᠤ ︽ᠴᠢᠳᠠᠪᠤᠷᠢᠲᠠᠨ︾ ᠤ ᠬᠤᠪᠢ ᠪᠠᠷ᠂ ᠦᠷᠭᠦᠯᠵᠢ ᠲᠠᠨ ᠲᠠᠢ ᠰᠦᠯᠵᠢᠶᠡᠨ ᠳᠡᠭᠡᠷ᠎ᠡ ᠵᠤᠭᠤᠬᠳᠠᠵᠤ᠂ ᠬᠠᠯᠠᠮᠵᠢᠯᠠᠨ ᠠᠰᠠᠭᠤᠵᠤ᠂  ᠴᠢᠨᠠᠭᠰᠢᠯᠠᠪᠠᠯ  ᠴᠢᠮᠠᠶᠢ ᠲᠠᠭᠠᠭᠤᠯᠤᠨ ︽ᠪᠡᠯᠡ  ᠣᠷᠣᠭᠤᠯᠵᠤ︾ ᠶᠡᠭᠡ  ᠵᠣᠭᠤᠰ ᠬᠤᠨᠵᠢᠶ᠎ᠡ ᠭᠡᠵᠦ ᠬᠡᠯᠡᠳᠡᠭ᠁ ᠬᠡᠳᠡᠯ᠎ᠡ᠂ ᠪᠣᠳᠠᠲᠤ ᠶᠠᠷᠢᠯᠴᠠᠭ᠎ᠠ ᠪᠢᠴᠢᠯᠭᠡ ᠳᠤᠮᠳᠠ ︽ᠲᠡᠭᠦᠨ ᠤ ᠵᠢᠰᠦ︾  ᠶᠢ ᠤᠯᠵᠤ ᠦᠵᠡᠭᠰᠡᠨ ᠦᠭᠡᠢ᠂ ᠨᠠᠩ ᠴᠢᠨᠠᠭᠰᠢᠯᠠᠨ ︽ᠲᠡᠷᠡ︾ ᠡᠯ᠎ᠡ ᠵᠦᠢᠯ ᠤᠨ ᠰᠢᠯᠳᠠᠭ ᠬᠡᠯᠡᠵᠦ  ᠲᠠᠨ ᠲᠠᠢ ᠸᠢᠳᠢᠣ᠋ ᠪᠠᠷ ᠨᠢᠭᠤᠷᠳᠠᠨ ᠶᠠᠷᠢᠯᠴᠠᠬᠤ ᠶᠢ ᠵᠦᠪᠰᠢᠶᠡᠷᠡᠳᠡᠭ ᠦᠭᠡᠢ᠂ ᠡᠶᠢᠮᠦ ᠪᠠᠶᠢᠳᠠᠯ ᠲᠣᠬᠢᠶᠠᠯᠳᠤᠪᠠᠯ ᠲᠠ ᠦᠴᠦᠭᠡᠨ ᠴᠤ ᠲᠠᠳᠠᠭᠠᠯᠵᠠᠬᠤ ᠦᠭᠡᠢ ᠪᠠᠷ ᠨᠠᠶᠢᠵᠠ ᠶᠢᠨ ᠲᠤᠭᠤᠷᠢᠭ ᠠᠴᠠ ᠪᠠᠨ ᠲᠡᠭᠦᠨ ᠢ ᠭᠠᠷᠭᠠᠵᠤ ᠬᠠᠶᠠᠭᠠᠷᠠᠢ︕ ᠤᠴᠢᠷ ᠨᠢ ᠡᠨᠡ ᠨᠢ ᠮᠡᠬᠡᠯᠡᠯ ᠤᠨ ᠡᠬᠢᠯᠡᠯᠲᠡ ᠪᠠᠶᠢᠵᠤ ᠮᠡᠳᠡᠨ᠎ᠡ᠂ ᠤᠯᠠᠨ ᠬᠦᠮᠦᠨ ᠡᠶᠢᠮᠦ ᠮᠡᠭᠡ ᠳᠤ ᠤᠨᠠᠬᠰᠠᠨ ᠰᠢᠦ ᠳ᠋ᠠ︕              11 ᠰᠠᠷ᠎ᠠ ᠠᠴᠠ ᠨᠠᠰᠢ᠂ ᠵᠧᠵᠢᠶᠠᠩ ᠮᠤᠵᠢ ᠶᠢᠨ ᠬᠠᠩᠵᠧᠦ ᠬᠤᠲᠠ ᠶᠢᠨ ᠯᠢᠨᠫᠢᠩ ᠲᠣᠭᠤᠷᠢᠭ ᠲᠤ ᠰᠦᠯᠵᠢᠶᠡᠨ ᠳᠡᠭᠡᠷ᠎ᠡ ᠨᠠᠶᠢᠵᠠ ᠡᠷᠢᠵᠦ ᠮᠡᠬᠡᠯᠡᠭᠰᠡᠨ ᠬᠡᠷᠡᠭ ᠤᠯᠠᠨᠳᠠ ᠭᠠᠷᠤᠭᠰᠠᠨ ᠪᠥᠭᠡᠳ ᠬᠡᠷᠡᠭ ᠲᠤ ᠬᠤᠯᠪᠣᠭᠳᠠᠭᠰᠠᠨ ᠵᠣᠭᠤᠰ ᠤᠨ ᠲᠤᠭ᠎ᠠ ᠨᠢ ᠨᠡᠯᠢᠶᠡᠳ ᠠᠷᠪᠢᠨ᠂ ᠬᠤᠤᠷ ᠠᠮᠰᠠᠭᠴᠢ ᠨᠢ 30 — 50 ᠨᠠᠰᠤᠨ   ᠤ ᠡᠮᠡᠭᠳᠡᠶᠢᠴᠤᠳ ᠣᠯᠠᠩᠬᠢ ᠲᠤᠭ᠎ᠠ ᠶᠢ ᠡᠵᠡᠯᠡᠵᠦ ᠪᠤᠢ᠃ ᠡᠶᠢᠮᠦ ᠲᠥᠷᠥᠯ ᠤᠨ ᠬᠡᠷᠡᠭ ᠤᠨ ᠰᠡᠵᠢᠭᠳᠡᠨ ᠨᠢ ᠡᠯ᠎ᠡ ᠲᠥᠷᠥᠯ ᠤᠨ ᠰᠦᠯᠵᠢᠶᠡᠨ ᠤ ᠨᠠᠶᠢᠵᠠᠯᠠᠬᠤ ᠵᠥᠭᠡᠯᠡᠨ ᠲᠣᠨᠤᠭ ᠢᠶᠠᠷ ᠬᠤᠬᠢᠷᠠᠯ ᠠᠮᠰᠠᠭᠴᠢ ᠲᠠᠢ ᠬᠤᠯᠪᠤᠬᠳᠠᠨ ᠲᠠᠨᠢᠯᠴᠠᠵᠤ᠂  ᠪᠠᠶᠢᠨ ᠳᠠᠬᠢᠨ ᠵᠤᠭᠤᠬᠳᠠᠬᠤ ᠪᠠᠷ ᠳᠡᠮᠵᠢᠨ ᠬᠤᠬᠢᠷᠠᠯ ᠠᠮᠰᠠᠭᠴᠢ ᠶᠢᠨ ᠢᠲᠡᠭᠡᠯ ᠢ ᠣᠯᠤᠭᠰᠠᠨ ᠤ ᠳᠠᠷᠠᠭ᠎ᠠ᠂ ᠪᠠᠯᠠ ᠣᠷᠣᠭᠤᠯᠤᠨ ᠬᠦᠷᠦᠩᠭᠡ ᠬᠠᠮᠢᠶᠠᠷᠬᠤ᠂ ᠬᠡᠶᠢᠰᠪᠦᠷᠢ ᠵᠣᠭᠤᠰ ᠬᠤᠳᠠᠯᠳᠤᠨ ᠠᠪᠬᠤ᠂ ᠰᠠᠭᠤᠷᠢ ᠮᠥᠩᠭᠦ ᠲᠠᠨᠢᠯᠴᠠᠭᠤᠯᠬᠤ ᠵᠡᠷᠭᠡ ᠨᠡᠷ᠎ᠡ ᠪᠠᠷ ᠬᠤᠬᠢᠷᠠᠯ ᠠᠮᠰᠠᠭᠴᠢ ᠶᠢ ᠥᠳᠥᠭᠡᠨ ᠪᠠᠶᠢᠵᠤ ᠲᠠᠩᠰᠠ ᠰᠢᠯᠵᠢᠬᠦᠯᠳᠡᠭ ᠪᠠᠶᠢᠨ᠎ᠠ᠃      ᠮᠡᠬᠡᠯᠡᠬᠦ ᠠᠷᠭ᠎ᠠ ᠪᠠᠷᠢᠯ᠄              1᠂ ᠬᠠᠶᠢᠷ᠎ᠠ ᠰᠡᠳᠬᠢᠯᠭᠡ ᠪᠤᠶᠢᠵᠢᠭᠤᠯᠵᠤ᠂ ᠢᠲᠡᠭᠡᠯ ᠢ ᠨᠢ ᠤᠯᠬᠤ              2᠂ ᠪᠡᠯᠡ ᠤᠷᠤᠭᠤᠯᠬᠤ ᠶᠢ ᠥᠳᠥᠭᠡᠨ ᠲᠠᠲᠠᠵᠤ᠂ ᠪᠠᠭ᠎ᠠ ᠲᠣᠭᠠᠨ ᠤ ᠬᠠᠷᠢᠭᠤ ᠬᠠᠷᠠᠮᠵᠢ ᠦᠭᠭᠦ              3᠂ ᠶᠡᠭᠡ ᠲᠣᠭᠠᠨ ᠤ ᠣᠷᠣᠭᠤᠯᠤᠯᠲᠠ ᠬᠢᠯᠭᠡᠵᠦ ᠵᠣᠭᠤᠰ ᠮᠥᠩᠭᠦ ᠮᠡᠬᠡᠯᠡᠨ ᠠᠪᠬᠤ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1