ᠤᠷᠳᠤᠰ ᠬᠡᠮᠡᠭᠦ ᠲᠤᠤᠯᠢ
ᠨᠡᠶᠢᠲᠡᠯᠡᠭᠰᠡᠨ ᠴᠠᠭ᠄
2024/11/27
       ᠵᠣᠬᠢᠶᠠᠭᠴᠢ᠄ ᠪᠤᠷᠵᠢᠬᠢᠨ ᠪᠤ · ᠴᠡᠩᠬᠡᠯᠳᠤ     ᠬᠡᠷᠡᠯ ᠲᠠᠢ ᠬᠠᠷᠠᠬᠳᠠᠨ ᠬᠠᠷᠠᠩᠭᠤᠢ ᠶᠢ ᠢᠯᠠᠬᠴᠢ ᠨᠤᠳᠤᠭ ᠮᠢᠨᠢ     ᠬᠡᠬᠡ ᠲᠠᠢ ᠰᠠᠨᠠᠬᠳᠠᠨ ᠵᠢᠷᠤᠬᠡᠨ ᠳᠤ ᠠᠮᠢᠯᠠᠬᠴᠢ ᠳ᠋ᠧᠪᠠᠵᠡᠨ ᠮᠢᠨᠢ     ᠰᠠᠯᠬᠤ ᠳᠤ ᠮᠦᠷᠤ ᠶᠢ ᠮᠢᠨᠢ ᠨᠠᠯᠠᠵᠤ ᠡᠯᠡᠰᠤ ᠨᠢ ᠤᠬᠢᠯᠠᠬᠰᠠᠠ     ᠰᠠᠨᠠᠬᠤ ᠳᠤ ᠵᠡᠭᠦᠳᠤ ᠶᠢ ᠮᠢᠨᠢ ᠬᠤᠴᠢᠵᠤ ᠴᠡᠴᠡᠬᠡᠰ ᠨᠢ ᠲᠠᠭᠤᠯᠠᠬᠰᠠᠠ     ᠵᠡᠷᠬᠡᠯᠬᠡᠨ ᠲᠠᠭᠠᠨ ᠪᠤᠶᠢᠯᠠᠬᠤ ᠬᠤᠶᠢᠳᠤ ᠶᠢᠨ ᠪᠤᠭᠤᠷᠤᠯ ᠠᠭᠤᠯᠠᠰ ᠮᠢᠨᠢ     ᠵᠢᠪᠠᠷ ᠲᠠᠳᠠᠨ ᠰᠢᠭᠤᠷᠬᠤ ᠤᠷᠢᠳᠤ ᠶᠢᠨ ᠴᠠᠭᠠᠨ ᠡᠯᠡᠰᠤ ᠮᠢᠨᠢ     ᠡᠪᠤᠬᠡᠨ ᠭᠦᠮᠤᠨ ᠠᠮᠠᠷᠠᠬᠰᠠᠠ ᠬᠠᠳᠤᠨ ᠲᠤᠬᠤᠢ ᠬᠡᠷ ᠮᠢᠨᠢ     ᠡᠪᠤᠬᠡᠯᠵᠢᠨ ᠰᠢᠪᠠᠭᠤ ᠦᠨᠳᠡᠬᠡᠯᠡᠭᠰᠡᠡ ᠪᠤᠷᠤ ᠲᠤᠬᠤᠢ ᠤᠷᠤᠨ ᠮᠢᠨᠢ     ᠬᠠᠷᠠᠬᠤ ᠳᠤ ᠲᠦᠷᠢᠮᠡᠬᠡᠢ ᠠᠷᠪᠠᠨ ᠭᠤᠷᠪᠠᠨ ᠲᠡᠭᠷᠢ ᠮᠢᠨᠢ     ᠬᠠᠷᠢᠬᠤ ᠳᠤ ᠡᠷᠡᠮᠡᠬᠡᠢ ᠠᠷᠪᠠᠨ ᠭᠤᠷᠪᠠᠭ᠋ᠠᠨ ᠬᠤᠷᠠᠬᠤ ᠮᠢᠨᠢ     ᠶᠠᠪᠤᠬᠤ ᠳᠤ ᠢᠷᠡᠨ᠎ᠡ ᠬᠡᠵᠤ ᠰᠢᠪᠠᠭᠤ ᠬᠤᠪᠢᠯᠤᠬᠰᠠᠠ ᠰᠠᠬᠢᠭᠤᠰᠤᠨ     ᠰᠠᠭᠤᠬᠤ ᠳᠤ ᠪᠤᠴᠠᠨ᠎ᠠ ᠬᠡᠵᠤ ᠵᠡᠭᠦᠳᠤ ᠦᠭᠭᠦᠭᠰᠡᠡ ᠰᠠᠬᠢᠭᠤᠯᠰᠤᠨ     ᠤᠰᠤᠨ ᠤ ᠲᠤᠩᠭᠠᠯᠠᠭ ᠨᠢ ᠠᠷᠭᠠᠮᠵᠢᠭᠰᠠᠠ ᠵᠡᠭᠦᠨ ᠵᠦᠭ ᠤᠨ ᠱᠠᠩᠳᠠ ᠮᠢᠨᠢ     ᠡᠪᠡᠰᠤᠨ ᠤ ᠰᠤᠷᠭᠤᠭ ᠲᠤ ᠤᠶᠠᠬᠰᠠᠠ ᠪᠠᠷᠠᠭᠤᠨ ᠲᠠᠯ᠎ᠠ ᠶᠢᠨ ᠪᠦᠷᠢᠳᠤ ᠮᠢᠨᠢ     ᠲᠠᠪᠬᠢᠬᠤ ᠳᠤ ᠨᠢ ᠰᠢᠭᠤᠷᠭ᠎ᠠ ᠨᠢ ᠤᠮᠤᠷᠬᠠᠳᠠᠭ ᠠᠳᠤᠭᠤ ᠲᠠᠢ ᠤᠷᠴᠢᠯᠠᠩ     ᠲᠡᠪᠬᠡᠷᠭᠦ ᠳᠤ ᠨᠢ ᠵᠢᠪᠠᠷ ᠨᠢ ᠨᠤᠮᠤᠬᠠᠷᠠᠳᠠᠭ ᠪᠦᠬᠡ ᠲᠠᠢ ᠰᠠᠨᠰᠠᠷ     ᠬᠡᠷᠡᠯ ᠲᠠᠢ ᠬᠠᠷᠠᠬᠳᠠᠨ ᠬᠠᠷᠠᠩᠭᠤᠢ ᠶᠢ ᠢᠯᠠᠬᠴᠢ ᠨᠤᠳᠤᠭ ᠮᠢᠨᠢ     ᠬᠡᠬᠡ ᠲᠠᠢ ᠰᠠᠨᠠᠬᠳᠠᠨ ᠵᠢᠷᠤᠬᠡᠨ ᠳᠤ ᠠᠮᠢᠯᠠᠬᠴᠢ ᠳ᠋ᠧᠪᠠᠵᠠᠨ ᠮᠢᠨᠢ     ᠴᠡᠬᠡᠯᠬᠡᠨ ᠤᠰᠤᠨ ᠤ ᠬᠠᠯᠬᠢᠶ᠎ᠠ ᠳᠤ ᠨᠢ ᠨᠢᠭᠤᠬᠰᠠᠠ ᠶᠡᠷᠢ ᠶᠢᠰᠤᠨ ᠲᠡᠭᠷᠢ     ᠴᠡᠭᠡᠨ ᠴᠢᠯᠠᠭᠤᠤᠨ ᠤᠨ ᠬᠠᠷᠬᠢᠶ᠎ᠠ ᠶᠢ ᠠᠷᠭᠠᠳᠠᠬᠰᠠᠠ ᠶᠢᠰᠤᠨ ᠨᠢᠳᠤ ᠲᠠᠢ ᠰᠠᠴᠤᠯᠢ     ᠤᠨᠠᠭ᠎ᠠ ᠲᠠᠳᠠᠨ ᠰᠠᠭᠠᠮ᠎ᠠ ᠭᠦᠢᠴᠡᠵᠤ ᠨᠠᠭᠠᠳᠤᠮ ᠨᠢ ᠶᠠᠭᠠᠷᠠᠬᠰᠠᠠ ᠠᠶᠢᠯ     ᠤᠶᠠᠭ᠎ᠠ ᠠᠯᠳᠠᠷᠠᠨ ᠪᠠᠷᠢᠶ᠎ᠠ ᠴᠢᠩᠭᠠᠷᠠᠵᠤ ᠨᠠᠶᠢᠷ ᠨᠢ ᠤᠷᠳᠤᠰᠢᠬᠰᠠᠠ ᠶᠢᠷᠳᠢᠨᠴᠤ     ᠠᠶᠢᠵᠠᠮ ᠢᠶᠠᠨ ᠨᠠᠭᠠᠰᠢ ᠨᠢ ᠬᠤᠮᠢᠵᠤ ᠲᠦᠪᠡᠷᠬᠡᠯᠡᠭᠰᠡᠡ ᠨᠠᠢᠮᠠᠨ ᠰᠢᠷᠭ᠎ᠠ ᠬᠤᠭᠤᠷ     ᠠᠭᠤᠳᠠᠮ ᠢᠶᠠᠨ ᠭᠠᠳᠠᠬᠰᠢ ᠪᠠᠨ ᠲᠡᠯᠡᠵᠤ ᠲᠤᠳᠤᠷᠠᠬᠰᠠᠠ ᠨᠠᠢᠮᠠᠨ ᠴᠠᠭᠠᠨ ᠲᠦᠷᠤ     ᠨᠠᠮᠤᠭᠤᠬᠠᠨ ᠤ ᠡᠷᠬᠢ ᠠᠴᠠ ᠲᠤᠮᠤᠭ ᠢᠶᠠᠷ ᠪᠤᠴᠠᠬᠰᠠᠠ ᠬᠤᠶᠠᠷ ᠵᠠᠭᠠᠯ ᠮᠤᠷᠢ ᠮᠢᠨᠢ     ᠨᠠᠷᠠᠨ ᠤ ᠬᠡᠷᠡᠯ ᠠᠴᠠ ᠦᠯᠢᠬᠡᠷ ᠢᠶᠠᠷ ᠡᠬᠢᠯᠡᠭᠰᠡᠡ ᠵᠠᠭᠤ ᠵᠠᠭᠤᠨ ᠪᠠᠭ᠋ᠠᠳᠤᠳ ᠮᠢᠨᠢ     ᠨᠠᠮᠤᠷ ᠢᠶᠠᠷ ᠨᠢᠰᠤᠬᠡᠤᠨ ᠨᠢᠰᠤᠬᠡᠤᠨ ᠶᠠᠪᠤᠴᠢᠬᠠᠬᠤ ᠭᠤᠨᠢᠭ ᠮᠢᠨᠢ     ᠬᠠᠪᠤᠷ ᠢᠶᠠᠷ ᠲᠡᠪᠳᠡᠷᠢᠬᠡᠤᠨ ᠲᠡᠪᠳᠡᠷᠢᠬᠡᠤᠨ ᠢᠷᠡᠭᠦ ᠭᠠᠭᠴᠠᠭᠠᠷᠳᠠᠯ ᠮᠢᠨᠢ     ᠡᠪᠡᠰᠤᠨ ᠤ ᠦᠵᠤᠭᠦᠷ ᠢ ᠮᠦᠡᠭᠭᠦᠯᠡᠨ ᠦᠯᠡᠳᠡᠭᠦ ᠰᠢᠭᠦᠳᠡᠷᠢ     ᠡᠪᠤᠬᠡᠤᠨ ᠤᠨ ᠬᠠᠭᠤᠴᠢ ᠶᠢ ᠮᠦᠡᠭᠬᠡᠯᠡᠨ ᠦᠯᠡᠳᠡᠬᠡᠭᠦ ᠰᠤᠳᠤᠷ     ᠬᠠᠷᠠᠩᠭᠤᠢ ᠳᠤ ᠬᠡᠬᠡᠷᠡᠭᠴᠢ ᠵᠤᠯᠠ ᠠᠳᠠᠯᠢᠬᠠᠨ ᠠᠰᠠᠬᠤ ᠪᠤᠳᠤᠯ ᠮᠢᠨᠢ     ᠬᠠᠮᠤᠭ ᠲᠤ ᠬᠡᠷᠡᠯᠳᠤᠭ᠍ᠴᠢ ᠨᠠᠷᠠᠨ ᠠᠳᠠᠯᠢᠬᠠᠨ ᠰᠠᠴᠤᠷᠠᠬᠤ ᠭᠦᠮᠤᠨ ᠵᠤᠨ ᠮᠢᠨᠢ     ᠬᠡᠷᠡᠯ ᠲᠠᠢ ᠬᠠᠷᠠᠬᠳᠠᠨ ᠬᠠᠷᠠᠩᠭᠤᠢ ᠶᠢ ᠢᠯᠠᠬᠴᠢ ᠨᠤᠳᠤᠭ ᠮᠢᠨᠢ     ᠬᠡᠬᠡ ᠲᠠᠢ ᠰᠠᠨᠠᠬᠳᠠᠨ ᠵᠢᠷᠤᠬᠡᠨ ᠳᠤ ᠠᠮᠢᠯᠠᠬᠴᠢ ᠳ᠋ᠧᠪᠠᠵᠡᠨ ᠮᠢᠨᠢ᠃
 
ᠢᠷᠡᠯᠲᠡ᠄ ᠤᠷᠳᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1