ᠵᠣᠬᠢᠶᠠᠭᠴᠢ᠄ ᠰᠡᠴᠡᠨᠨᠢᠩᠪᠤ | ᠠᠯᠢ ᠨᠢᠭᠡᠨ ᠡᠳᠦᠷ ᠥᠪᠡᠷ ᠢᠶᠠᠨ ᠴᠤ ᠨᠢᠭᠡ ᠪᠠᠭᠰᠢ ᠪᠣᠯᠴᠢᠬᠠᠭᠠᠳ ᠣᠯᠠᠨ ᠱᠠᠪᠢ ᠲᠠᠢ ᠪᠣᠯᠤᠨ᠎ᠠ ᠭᠡᠵᠦ | ᠶᠣᠰᠤᠲᠠᠢ ᠠᠷᠪᠠᠨ ᠵᠡᠭᠦᠳᠦᠨ ᠳᠤ ᠴᠤ ᠪᠠᠶᠢᠭ᠎ᠠ ᠦᠭᠡᠢ᠃ | ᠪᠢ ᠪᠣᠯ ᠨᠢᠭᠡᠨ ᠪᠠᠭᠰᠢ ᠬᠦᠮᠦᠨ᠂ ᠲᠡᠷᠡ ᠮᠦᠷᠲᠡᠭᠡᠨ ᠮᠤᠨᠳᠠᠭ ᠪᠠᠶᠠᠨ ᠪᠠᠭᠰᠢ᠂ ᠡᠷ᠎ᠡ ᠶᠢᠨ ᠬᠡᠶᠢᠮᠤᠷᠢ ᠪᠠᠷ | ᠣᠭᠰᠢᠭᠰᠠᠨ ᠭᠡᠷ ᠳᠦᠭᠦᠷᠡᠩ ᠬᠦᠦᠴᠦᠦᠯ ᠲᠠᠢ᠂ ᠤᠶᠠᠨ ᠵᠥᠭᠡᠯᠡᠨ ᠠᠭᠠᠰᠢ ᠲᠠᠢ ᠤᠬᠠᠭᠠᠯᠢᠭ ᠣᠯᠠᠨ | ᠬᠡᠤᠬᠡᠨᠴᠦᠳ ᠲᠠᠢ᠃ | ᠪᠠᠭᠰᠢ ᠬᠦᠮᠦᠨ ᠬᠠᠶᠢᠷ᠎ᠠ ᠶᠢᠨ ᠪᠦᠷᠢᠯᠸ᠎ᠠ ᠪᠠᠶᠢᠬᠤ ᠶᠣᠰᠤᠲᠠᠢ ᠭᠡᠵᠦ ᠪᠢ ᠦᠷᠭᠦᠯᠵᠢ ᠰᠡᠳᠭᠢᠯ ᠳᠤ ᠪᠠᠨ | ᠪᠤᠳᠤᠳᠠᠭ᠃ ᠶᠠᠭ ᠡᠶᠢᠮᠤ ᠠᠴᠠ ᠪᠢ ᠠᠩᠬ᠎ᠠ ᠰᠤᠷᠤᠭᠴᠢ ᠲᠠᠢ ᠪᠠᠨ ᠤᠴᠠᠷᠠᠬᠤ ᠳᠤ ᠲᠡᠳᠡ ᠨᠡᠷ ᠢ ᠪᠦᠷ | ᠥᠪᠡᠷ ᠤᠨ ᠢᠶᠠᠨ ᠬᠡᠤᠭᠡᠳ ᠰᠢᠭ ᠬᠠᠯᠠᠭᠤᠨ ᠡᠯᠢᠭᠡᠨ ᠳᠤ ᠪᠠᠨ ᠲᠡᠪᠡᠷᠢᠵᠤ ᠠᠪᠤᠭᠰᠠᠨ ᠶᠤᠮ᠃ ᠠᠵᠢᠯ ᠳᠤ | ᠭᠠᠷᠤᠭᠠᠳ ᠠᠩᠭᠢ ᠶᠢᠨ ᠡᠷᠬᠢᠯᠡᠭᠴᠢ ᠪᠤᠯᠤᠭᠰᠠᠨ ᠠᠩᠬᠠᠨ ᠤ ᠭᠠᠷᠠᠭ ᠪᠢᠯᠡ᠃ ᠡᠳᠦᠷ ᠢᠶᠠᠷ ᠬᠡᠤᠭᠡᠳ ᠤᠳ ᠤᠨ | ᠳᠤᠮᠳᠠ ᠡᠨᠡ ᠲᠡᠷᠡ ᠭᠡᠳ ᠭᠦᠶᠦᠵᠦ ᠨᠢᠰᠦᠭᠡᠳ ᠦᠳᠡᠰᠢ ᠪᠣᠯᠬᠤ ᠪᠠᠷ ᠨᠢ ᠪᠦᠷ ᠶᠠᠳᠠᠷᠠᠭᠠᠳ ᠨᠢᠭᠡ ᠶᠠᠭᠤᠮ᠎ᠠ | ᠪᠤᠯᠴᠢᠬᠠᠳᠠᠭ᠃ ᠲᠡᠷᠡ ᠦᠶ᠎ᠡ ᠳᠤ ᠡᠵᠢ ᠳᠤ ᠪᠠᠨ ᠤᠲᠠᠰᠤ ᠠᠪᠤᠭᠠᠳ ᠨᠢᠭᠡ ᠡᠳᠦᠷ ᠤᠨ ᠢᠶᠠᠨ ᠶᠠᠭᠠᠷᠠᠤ ᠪᠠᠨ | ᠲᠣᠭᠠᠴᠢᠬᠤ ᠳᠤ᠂ ᠡᠵᠢ ᠮᠢᠨᠢ᠄ ︽ᠲᠠᠶᠢᠪᠤᠩ ᠪᠠᠢ᠂ ᠬᠡᠤᠬᠡᠨ ᠡ᠂ ᠬᠥᠯ ᠭᠠᠷ ᠢᠶᠠᠨ ᠤᠬᠢᠶᠠᠭᠠᠳ ᠰᠠᠶᠢᠬᠠᠨ | ᠠᠮᠠᠷᠠᠭᠠᠳ ᠠᠪ᠂ ᠮᠠᠷᠭᠠᠰᠢ ᠰᠠᠶᠢᠬᠠᠨ ᠪᠤᠯᠴᠢᠬᠠᠨ᠎ᠠ︾ ᠭᠡᠳ ᠲᠠᠶᠢᠳᠬᠤᠷᠠᠭᠤᠯᠵᠤ ᠬᠡᠯᠡᠵᠦ ᠪᠠᠶᠢᠭᠰᠠᠨ ᠶᠤᠮ᠃ | ᠡᠨᠡᠷᠢᠯ ᠤᠨ ᠲᠡᠭᠷᠢ ᠡᠵᠢ ᠶᠢᠨ ᠢᠶᠠᠨ ᠬᠡᠯᠡᠭᠰᠡᠨ ᠢᠶᠠᠷ ᠰᠠᠶᠢᠬᠠᠨ ᠠᠮᠠᠷᠠᠭᠠᠳ ᠳᠠᠷᠠᠭ᠎ᠠ ᠡᠳᠦᠷ ᠤᠨ ᠬᠢᠨᠢ ᠦᠷᠯᠦᠭᠡ | ᠡᠷᠲᠡ ᠰᠤᠷᠭᠠᠭᠤᠯᠢ ᠶᠢᠨ ᠡᠭᠦᠳᠡᠨ ᠳᠡᠭᠡᠷ᠎ᠡ ᠬᠡᠤᠭᠡᠳ ᠢᠶᠠᠨ ᠲᠤᠰᠬᠤ ᠪᠠᠷ ᠣᠴᠢᠬᠤ ᠳᠤ᠂ ᠨᠠᠷᠠᠨ ᠰᠠᠷᠠᠨ ᠰᠢᠭ | ᠭᠡᠷᠡᠯᠲᠦᠭᠰᠡᠨ ᠬᠡᠤᠭᠡᠳ ᠤᠳ ᠮᠢᠨᠢ ︽ᠪᠠᠭᠰᠢ ᠡ᠂ ᠦᠷᠯᠦᠭᠡ ᠰᠠᠶᠢᠨ︕︾ ᠭᠡᠳ ᠮᠢᠨᠤ ᠥᠭᠡᠳᠡ ᠠᠴᠠ | ᠬᠦᠷᠦᠭᠡᠳ ᠢᠷᠡᠬᠦ ᠪᠠᠷ ᠤᠷᠢᠳᠤ ᠡᠳᠦᠷ ᠤᠨ ᠪᠠᠶᠢᠳᠠᠭ ᠶᠠᠳᠠᠷᠠᠭ᠎ᠠ ᠵᠦᠳᠡᠷᠡᠭᠡ ᠪᠦᠷ ᠣᠷᠣ ᠦᠭᠡᠢ ᠠᠯᠠᠭ᠎ᠠ | ᠪᠤᠯᠴᠢᠬᠠᠭᠰᠠᠨ᠃ | ᠶᠠᠭ ᠯᠠ ᠡᠵᠢ ᠶᠢᠨ ᠮᠢᠨᠢ ᠢᠰᠢᠭᠡ ᠬᠤᠷᠠᠭ᠎ᠠ ᠶᠢᠨ ᠢᠶᠠᠨ ᠮᠠᠶᠢᠯᠠᠯᠳᠤᠬᠤ ᠳᠠᠭᠤᠨ᠂ ᠬᠥᠷᠦᠪᠡᠵᠢᠬᠦ ᠶᠢ ᠨᠢ | ᠬᠠᠷᠠᠭᠠᠳ ᠪᠠᠶᠠᠰᠳᠠᠭ ᠲᠠᠢ ᠠᠳᠠᠯᠢ ᠪᠢ ᠴᠤ ᠶᠠᠭ ᠡᠨᠡ ᠬᠥᠭᠡᠷᠦᠬᠦᠨ ᠬᠡᠤᠭᠡᠳ ᠤᠳ ᠢᠶᠠᠨ ᠬᠠᠷᠠᠬᠤ ᠪᠠᠷ ᠴᠤᠭ | ᠬᠡᠶᠢᠮᠦᠷᠢ ᠮᠢᠨᠢ ᠪᠠᠳᠠᠷᠠᠵᠤ᠂ ᠤᠯᠠᠮ ᠵᠣᠷᠢᠭᠲᠠᠢ᠂ ᠨᠠᠷᠠᠯᠠᠭ ᠪᠣᠯᠳᠠᠭ᠃ | ᠬᠡᠤᠭᠡᠳ ᠭᠡᠵᠦ ᠡᠷᠴᠢ ᠡᠷᠴᠢᠮ ᠨᠢ ᠮᠤᠨᠳᠠᠭ᠂ ᠦᠨᠡᠬᠡᠷ ᠪᠠᠭ᠋ᠠᠷᠬᠠᠵᠤ ᠬᠠᠶᠢᠷᠠᠯᠠᠬᠤ ᠠᠴᠠ ᠥᠭᠡᠷ᠎ᠡ ᠠᠷᠭ᠎ᠠ | ᠦᠭᠡᠢ ᠬᠥᠬᠡᠷᠤᠭᠦᠨ ᠠᠮᠢᠳᠠᠳ᠃ ᠮᠢᠨᠤ ᠬᠡᠤᠭᠡᠳ ᠤᠳ ᠦᠷᠭᠦᠯᠵᠢ ᠨᠠᠳᠠ ᠠᠴᠠ ︽ᠪᠠᠭᠰᠢ ᠡ᠂ ᠲᠠᠨ ᠤ ᠬᠡᠤᠭᠡᠳ | ᠬᠦᠦ ᠶᠤᠮ ᠤᠤ︖ ᠬᠡᠤᠬᠡᠨ ᠶᠤᠮ ᠤᠤ︖︾ ᠭᠡᠵᠦ ᠠᠰᠠᠭᠤᠳᠠᠭ᠃ ᠲᠡᠷᠡ ᠦᠶ᠎ᠡ ᠳᠤᠨᠢ ᠪᠢ᠄ ︽ᠪᠠᠭᠰᠢ ᠳᠤᠨᠢ | ᠬᠡᠤᠬᠡᠨ ᠴᠤ ᠪᠠᠶᠢᠨ᠎ᠠ᠂ ᠬᠦᠦ ᠴᠤ ᠪᠠᠶᠢᠨ᠎ᠠ᠂ ᠪᠠᠶᠢᠬᠤ ᠪᠠᠶᠢᠬᠤ ᠳᠤ ᠪᠠᠨ ᠪᠦᠷ ᠭᠤᠴᠢᠭᠠᠳ ᠬᠦᠦ ᠬᠡᠤᠬᠡᠨ ᠲᠠᠢ | ᠰᠢᠤ︕︾ ᠭᠡᠵᠦ ᠣᠮᠤᠭ ᠪᠠᠷᠳᠠᠮ ᠬᠠᠷᠢᠭᠤᠯᠬᠤ ᠳᠤ᠂ ᠮᠢᠨᠤ ᠬᠡᠤᠭᠡᠳ ᠤᠳ ︽ᠪᠢᠰᠢ ᠡ᠂ ᠪᠠᠭᠰᠢ ᠡ᠂ ᠲᠠᠨ ᠤ | ᠭᠡᠷ ᠲᠤ ᠪᠠᠶᠢᠭ᠎ᠠ ᠬᠡᠤᠭᠡᠳ ᠢ ᠲᠠᠨᠢ ᠬᠡᠯᠡᠵᠦ ᠪᠠᠶᠢᠨ᠎ᠠ︾ ᠭᠡᠬᠦ ᠶᠤᠮ ᠪᠢᠯᠡ᠃ ᠤᠰᠤᠨ ᠤ ᠰᠢᠪᠠᠭᠤ ᠰᠢᠭ | ᠱᠤᠯᠤᠭᠠᠨᠠᠳᠠᠭ ᠬᠡᠤᠭᠡᠳ ᠤᠳ ᠳᠠᠩᠳᠠ ᠪᠠᠨ ᠤᠷᠮ᠎ᠠ ᠵᠣᠷᠢᠭ ᠬᠠᠶᠢᠷᠠᠯᠠᠳᠠᠭ᠃ | ᠲᠡᠭᠡᠷ᠎ᠡ ᠬᠤᠭᠤᠴᠠᠭ᠎ᠠ ᠮᠠᠨ ᠤ ᠠᠩᠭᠢ ᠶᠢᠨ ᠮᠠᠯᠢᠺᠠ ᠬᠡᠰᠡᠨ ᠨᠡᠷ᠎ᠡ ᠲᠠᠢ ᠬᠥᠭᠡᠷᠦᠬᠦᠨ ᠥᠬᠢᠨ ᠠᠪᠤ ᠡᠵᠢ ᠶᠢᠨ | ᠬᠢᠨᠢ ᠠᠵᠢᠯ ᠠᠯᠪᠠ ᠶᠢᠨ ᠤᠴᠢᠷ ᠠᠴᠠ ᠪᠤᠯᠵᠤ ᠠᠷᠭ᠎ᠠ ᠦᠭᠡᠢ ᠪᠠᠶᠢᠳᠠᠯ ᠤᠨ ᠳᠤᠤᠷ᠎ᠠ ᠰᠤᠷᠭᠠᠭᠤᠯᠢ ᠰᠢᠯᠵᠢᠬᠦ ᠪᠠᠷ | ᠪᠣᠯᠪᠠ᠃ ᠪᠢ ᠡᠨᠡ ᠴᠢᠮᠡᠭᠡ ᠶᠢ ᠤᠷᠢᠳᠤ ᠡᠳᠦᠷ ᠨᠢ ᠡᠵᠢ ᠶᠢᠨ ᠬᠢᠨᠢ ᠶᠠᠷᠢᠶᠠᠨ ᠠᠴᠠ ᠰᠤᠨᠤᠰᠤᠭᠰᠠᠨ ᠠᠴᠠ ᠬᠤᠶᠢᠰᠢ | ᠰᠡᠳᠭᠢᠯ ᠨᠢᠭᠡ ᠯᠠ ᠣᠨᠳᠤᠤ ᠪᠠᠶᠢᠭᠰᠠᠨ ᠶᠤᠮ ᠪᠢᠯᠡ᠃ ᠶᠠᠭ ᠶᠠᠪᠤᠬᠤ ᠲᠡᠷᠡ ᠦᠷᠯᠦᠭᠡ ᠪᠢ ᠮᠠᠯᠢᠺᠠ ᠬᠡᠤᠬᠡᠨ ᠢᠶᠠᠨ | ᠬᠠᠵᠠᠭᠤ ᠳᠤ ᠪᠠᠨ ᠳᠠᠭᠤᠳᠠᠵᠤ ᠠᠪᠴᠢᠷᠠᠭᠠᠳ ᠬᠤᠶᠠᠷ ᠦᠭᠡ ᠵᠠᠬᠢᠵᠤ ᠰᠤᠯᠢᠶ᠎ᠠ ᠭᠡᠰᠡᠨ ᠴᠢᠨᠢ ᠨᠢᠳᠦ ᠪᠠᠨ | ᠤᠯᠠᠶᠢᠯᠭᠠᠨ ᠬᠠᠵᠠᠭᠤ ᠳᠤ ᠮᠢᠨᠢ ᠵᠣᠭᠰᠤᠭᠰᠠᠨ ᠬᠥᠭᠡᠷᠦᠬᠦᠨ ᠬᠠᠷᠠᠴᠠ ᠶᠢ ᠨᠢ ᠬᠠᠷᠠᠭᠠᠳ ᠬᠦᠭᠡᠷᠦᠭᠦᠶᠢᠯᠡᠬᠦ ᠲᠠᠢ᠂ | ᠰᠠᠯᠵᠤ ᠶᠠᠳᠠᠬᠤ ᠲᠠᠢ᠂ ᠲᠡᠷᠡ ᠳᠤᠤᠷ᠎ᠠ ᠪᠠᠨ ᠮᠢᠨᠤ ᠬᠤᠭᠤᠯᠠᠢ ᠵᠠᠩᠭᠢᠷᠠᠵᠤ ᠤᠬᠢᠯᠠᠬᠤ ᠰᠢᠬᠠᠮ ᠪᠤᠯᠤᠯ᠎ᠠ᠃ ᠬᠡᠵᠢᠶ᠎ᠡ | ᠴᠤ ᠬᠦᠮᠦᠨ ᠤ ᠡᠮᠦᠨ᠎ᠡ ᠨᠢᠯᠪᠤᠰᠤ ᠤᠨᠠᠭᠠᠬᠤ ᠦᠭᠡᠢ ᠪᠠᠶᠢᠬᠤ ᠶᠢ ᠬᠢᠴᠢᠶᠡᠨ ᠥᠪᠡᠷ ᠢ ᠪᠠᠨ ᠬᠠᠲᠠᠭᠤᠬᠠᠨ | ᠱᠠᠭᠠᠷᠳᠠᠳᠠᠭ ᠪᠢ ᠪᠤᠰᠢᠭᠤᠬᠠᠨ ᠮᠠᠯᠢᠺᠠ ᠠᠴᠠ ᠪᠠᠨ ᠪᠤᠷᠤᠭᠤᠯᠠᠨ ᠨᠢᠯᠪᠤᠰᠤ ᠪᠠᠨ ᠠᠷᠴᠢᠯ᠎ᠠ᠃ ᠠᠷᠭ᠎ᠠ ᠦᠭᠡᠢ | ᠰᠠᠶᠢᠬᠠᠨ ᠳᠠᠰᠤᠭᠰᠠᠨ ᠶᠤᠮ ᠳ᠋ᠠ ᠁ | ᠲᠡᠷᠡ ᠭᠱᠠᠨ ᠢ ᠪᠢ ᠡᠭᠦᠷᠢᠳᠡ ᠮᠠᠷᠲᠠᠬᠤ ᠦᠭᠡᠢ︕ ᠶᠠᠭ ᠯᠠ ᠵᠢᠷᠦᠬᠡ ᠶᠢ ᠮᠢᠨᠢ ᠵᠡᠭᠦᠦ ᠪᠠᠷ ᠰᠢᠪᠡᠵᠦ ᠪᠠᠶᠢᠭ᠎ᠠ | ᠠᠳᠠᠯᠢ ᠡᠪᠡᠳᠴᠦ ᠪᠠᠶᠢᠪᠠ᠃ | ᠮᠠᠯᠢᠺᠠ ᠪᠤᠯ ᠮᠢᠨᠤ ᠠᠩᠬᠠᠨ ᠤ ᠰᠤᠷᠤᠭᠴᠢ᠂ ᠮᠦᠨ ᠴᠦ ᠮᠢᠨᠤ ᠬᠠᠶᠢᠷᠠᠲᠠᠢ ᠬᠡᠤᠬᠡᠨ ᠶᠤᠮ ᠰᠢᠤ︕ ᠲᠡᠷᠡ | ᠵᠢᠯ ᠪᠢ ᠠᠩᠭᠢ ᠶᠢᠨ ᠡᠷᠬᠢᠯᠡᠭᠴᠢ ᠪᠤᠯᠬᠤ ᠳᠤ ᠬᠠᠮᠤᠭ ᠤᠨ ᠤᠷᠢᠳ ᠢᠶᠠᠷ ᠬᠠᠵᠠᠭᠤ ᠳᠤ ᠮᠢᠨᠢ ᠬᠦᠷᠴᠦ ᠢᠷᠡᠭᠰᠡᠨ | ᠮᠢᠨᠤ ᠠᠩᠬᠠᠨ ᠤ ᠱᠠᠪᠢ ᠶᠤᠮ᠃ ᠰᠤᠷᠭᠠᠭᠤᠯᠢ ᠶᠢᠨ ᠬᠦᠷᠢᠶᠡᠨ ᠳᠤ ᠮᠠᠯᠢᠺᠠ ᠬᠡᠤᠬᠡᠨ ᠢᠶᠠᠨ ᠳᠠᠭᠠᠭᠤᠯᠤᠭᠠᠳ | ᠶᠠᠪᠤᠬᠤ ᠳᠤ ᠪᠤᠰᠤᠳ ᠪᠠᠭᠰᠢ ᠨᠠᠷ ︽ᠬᠡᠤᠬᠡᠨ ᠴᠢᠨᠢ ᠶᠤᠮ ᠤᠤ︖ ᠴᠢᠮ᠎ᠠ ᠲᠠᠢ ᠶᠠᠭᠠᠬᠢᠭᠰᠠᠨ ᠠᠳᠠᠯᠢ ᠪᠤᠢ︕︾ | ᠭᠡᠳ ᠪᠦᠷ ᠡ᠊ᠨᠳᠡᠭᠦᠷᠡᠵᠦ ᠪᠠᠶᠢᠭᠰᠠᠨ ᠶᠤᠮ᠃ | ᠮᠠᠯᠢᠺᠠ ᠮᠢᠨᠢ ᠬᠦᠮᠦᠨ ᠲᠦᠮᠡᠨ ᠤ ᠳᠤᠮᠳᠠ ᠣᠷᠦ᠋ᠢᠯᠠᠵᠤ ᠶᠠᠪᠤᠭᠠᠷᠠᠢ︕ ᠰᠤᠳᠤᠨ ᠰᠤᠷᠤᠭᠠᠷᠠᠢ︕ ᠭᠡᠵᠦ | ᠪᠠᠭᠰᠢ ᠨᠢ ᠬᠠᠮᠤᠭ ᠤᠨ ᠰᠠᠶᠢᠨ ᠰᠠᠶᠢᠬᠠᠨ ᠢᠷᠦᠭᠡᠯ ᠢᠶᠠᠨ ᠵᠦᠩᠨᠡᠶ᠎ᠡ︕ | ᠪᠠᠶᠢᠳᠠᠰᠤ ᠰᠦᠷᠦᠭ ᠰᠣᠯᠢᠳᠠᠭ ᠰᠢᠭ ᠬᠡᠤᠭᠡᠳ ᠤᠳ ᠰᠣᠯᠢᠭᠳᠠᠭᠠᠳ ᠶᠠᠪᠤᠬᠤ ᠳᠤ᠂ ᠬᠠᠮᠤᠭ ᠡᠷᠴᠢ | ᠴᠢᠳᠠᠯ ᠢ ᠨᠢ ᠬᠤᠷᠦ᠋ᠢᠯᠠᠵᠤ᠂ ᠵᠢᠷᠭᠠᠯ ᠲᠠᠢ ᠠᠮᠢᠳᠤᠷᠠᠯ ᠢᠶᠠᠨ ᠤᠭᠲᠤᠨ᠂ ᠰᠢᠨ᠎ᠡ ᠰᠤᠷᠤᠭᠴᠢᠳ ᠲᠠᠢ ᠪᠠᠨ | ᠠᠭᠤᠯᠵᠠᠵᠤ ᠵᠢᠷᠭᠠᠵᠤ ᠠᠮᠢᠳᠤᠷᠠᠳᠠᠭ ᠶᠤᠮ ᠡ᠃ | |