ᠨᠢᠭᠡ᠂ ᠮᠦᠬᠦ ᠶᠢᠨ ᠲᠦᠷᠦᠯ ᠤᠨ ᠢᠳᠡᠭᠡᠨ᠃ ᠦᠯᠡᠳᠡᠭᠰᠡᠨ ᠮᠥᠭᠦ ᠶᠢ ᠲᠠᠬᠢᠵᠦ ᠬᠠᠯᠠᠭᠤᠯᠠᠭᠠᠳ ᠢᠳᠡᠪᠡᠯ | ᠭᠡᠳᠡᠰᠦ ᠡᠪᠡᠳᠬᠦ᠂ ᠰᠠᠭᠤᠯᠭᠠᠬᠤ ᠵᠡᠷᠭᠡ ᠡᠪᠡᠳᠴᠢᠨ ᠤ ᠢᠯᠡᠷᠡᠯ ᠭᠠᠷᠴᠤ ᠮᠡᠳᠡᠨ᠎ᠡ᠂ ᠵᠠᠯᠭ᠎ᠠ ᠢᠩᠭᠢᠵᠦ ᠢᠳᠡᠪᠡᠯ | ᠰᠢᠩᠭᠡᠭᠡᠯᠲᠡ ᠶᠢᠨ ᠰᠢᠰᠲ᠋ᠧᠮ ᠤᠨ ᠬᠠᠪᠤᠳᠠᠷ ᠲᠤ ᠨᠡᠷᠪᠡᠭᠳᠡᠬᠦ ᠪᠣᠯᠣᠯᠴᠠᠭ᠎ᠠ ᠲᠠᠢ᠃ ᠡᠶᠢᠮᠦ ᠠᠴᠠ ᠮᠥᠭᠦ ᠶᠢ | ᠬᠤᠶᠠᠳᠠᠬᠢ ᠤᠳᠠᠭ᠎ᠠ ᠬᠠᠯᠠᠭᠤᠯᠠᠵᠤ ᠢᠳᠡᠭᠰᠡᠨ ᠤ ᠬᠡᠷᠡᠭ ᠦᠭᠡᠢ᠃ | ᠬᠤᠶᠠᠷ᠂ ᠳᠠᠯᠠᠢ ᠶᠢᠨ ᠢᠳᠡᠭᠡᠨ᠃ ᠰᠠᠮ ᠬᠤᠷᠣᠬᠠᠢ᠂ ᠨᠠᠢᠮᠠᠯᠵᠢ ᠮᠡᠲᠦ ᠶᠢᠨ ᠳᠠᠯᠠᠢ ᠶᠢᠨ ᠢᠳᠡᠭᠡᠨᠤ | ᠵᠦᠢᠯ ᠢ ᠬᠤᠶᠠᠳᠠᠬᠢ ᠤᠳᠠᠭ᠎ᠠ ᠬᠠᠯᠠᠭᠤᠯᠠᠵᠤ ᠢᠳᠡᠵᠤ ᠪᠣᠯᠬᠤ ᠦᠭᠡᠢ᠃ ᠢᠳᠡᠵᠦ ᠪᠠᠷᠠᠭᠰᠠᠨ ᠦᠭᠡᠢ ᠳᠠᠯᠠᠢ ᠶᠢᠨ | ᠢᠳᠡᠭᠡᠨ ᠢ ᠤᠳᠠᠭᠠᠨ ᠲᠠᠯᠪᠢᠪᠠᠯ ᠠᠮᠠᠷᠬᠠᠨ ᠪᠠᠺᠲ᠋ᠧᠷᠢ ᠪᠠ ᠬᠤᠣᠷᠲᠤ ᠡᠳ᠋ ᠡᠭᠦᠰᠴᠦ᠂ ᠡᠯᠢᠭᠡᠨ ᠤ ᠬᠤᠣᠷ ᠲᠠᠶᠢᠯᠬᠤ | ᠳᠠᠷᠤᠭᠠᠰᠤ ᠶᠢ ᠬᠦᠨᠳᠣᠷᠡᠬᠦᠯᠳᠡᠭ᠃ ᠳᠠᠯᠠᠢ ᠶᠢᠨ ᠢᠳᠡᠭᠡᠨ ᠢ ᠪᠠᠷᠢᠨ ᠬᠢᠵᠦ ᠪᠠᠷᠢᠨ ᠢᠳᠡᠪᠡᠯ ᠬᠠᠮᠤᠭ ᠰᠠᠶᠢᠨ᠃ | | ᠭᠤᠷᠪᠠ᠂ ᠥᠷᠭᠡᠰᠦᠲᠦ ᠨᠣᠭᠤᠭ᠎ᠠ᠃ ᠥᠷᠭᠡᠰᠦᠲᠦ ᠨᠣᠭᠤᠭ᠎ᠠ ᠶᠢᠨ ᠬᠦᠴᠢᠯ ᠤᠨ ᠠᠭᠤᠯᠤᠭᠳᠠᠴᠠ ᠶᠡᠭᠡ | ᠪᠤᠯᠬᠤᠷ ᠣᠰᠣᠨ ᠳᠤ ᠪᠤᠴᠠᠯᠭᠠᠭᠰᠠᠨ ᠤ ᠳᠠᠷᠠᠭ᠎ᠠ ᠢᠳᠡᠬᠦ ᠬᠡᠷᠡᠭᠲᠡᠶ᠂ ᠡᠭᠦᠨ ᠤ ᠳᠡᠭᠡᠷ᠎ᠡ ᠥᠷᠭᠡᠰᠦᠲᠦ | ᠨᠣᠭᠤᠭ᠎ᠠ ᠳᠤ ᠪᠠᠰᠠ ᠶᠡᠭᠡ ᠬᠡᠮᠵᠢᠶᠡᠨ ᠤ ᠠᠽᠣᠲ ᠬᠦᠴᠢᠯ ᠤᠨ ᠳᠠᠪᠤᠰᠤ ᠠᠭᠤᠯᠤᠭᠳᠠᠨ᠎ᠠ᠂ ᠬᠡᠷᠪᠡ ᠬᠤᠶᠠᠳᠠᠬᠢ | ᠤᠳᠠᠭ᠎ᠠ ᠬᠠᠯᠠᠭᠤᠯᠠᠪᠠᠯ ᠬᠥᠮᠦᠨ ᠤ ᠪᠡᠶ᠎ᠡ ᠳᠤ ᠬᠤᠤᠷᠲᠠᠶ ᠪᠠᠶᠢᠳᠠᠭ᠃ | ᠳᠥᠷᠪᠡ᠂ ᠦᠨᠢᠶᠡᠨ ᠰᠦ᠃ ᠦᠨᠢᠶᠡᠨ ᠰᠦ ᠶᠢ ᠳᠠᠬᠢᠨ ᠳᠠᠪᠲᠠᠨ ᠬᠠᠯᠠᠭᠠᠵᠤ ᠪᠣᠯᠬᠤ ᠦᠭᠡᠢ᠃ ᠴᠠᠭ | ᠤᠳᠠᠪᠠᠯ ᠰᠦ ᠶᠢᠨ ᠴᠢᠨᠠᠷ ᠬᠤᠪᠢᠷᠠᠨ᠎ᠠ᠂ ᠠᠮᠠᠷᠬᠠᠨ ᠬᠡᠳᠡᠰᠣ ᠡᠪᠡᠳᠴᠤ ᠰᠠᠭᠤᠯᠭᠠᠬᠤ ᠪᠣᠯᠤᠨ᠎ᠠ᠃ ᠡᠭᠦᠨ ᠠᠴᠠ | ᠭᠠᠳᠠᠨ᠎ᠠ᠂ ᠦᠨᠢᠶᠡᠨ ᠰᠦ ᠶᠢ ᠳᠠᠬᠢᠨ ᠳᠠᠪᠲᠠᠨ ᠬᠠᠯᠠᠭᠠᠪᠠᠯ᠂ ᠦᠨᠢᠶᠡᠨ ᠰᠦ ᠳᠣᠲᠣᠷᠠᠬᠢ ᠤᠭᠤᠷᠠᠭ ᠤᠨ ᠴᠢᠨᠠᠷ | ᠬᠤᠪᠢᠷᠠᠵᠤ᠂ ᠰᠢᠮ᠎ᠡ ᠲᠡᠵᠢᠭᠡᠯ ᠳᠤᠲᠠᠭᠳᠠᠬᠤ ᠪᠣᠯᠤᠨ᠎ᠠ᠃ | ᠲᠠᠪᠤ᠂ ᠴᠠᠭᠠᠨ ᠳᠡᠯᠳᠡᠦ ᠶᠢᠨ ᠱᠥᠯᠥ᠃ ᠴᠠᠭᠠᠨ ᠳᠡᠯᠳᠡᠦ ᠳᠣᠲᠣᠷ᠎ᠠ ᠨᠡᠯᠢᠶᠡᠳ ᠠᠷᠪᠢᠨ ᠠᠽᠣᠲ | ᠬᠦᠴᠢᠯ ᠤᠨ ᠳᠠᠪᠤᠰᠤᠨ ᠤ ᠲᠦᠷᠦᠯ ᠠᠭᠤᠯᠤᠭᠳᠠᠵᠤ ᠪᠠᠶᠢᠳᠠᠭ ᠪᠤᠯᠬᠤᠷ ᠴᠠᠭᠠᠨ ᠳᠡᠯᠳᠡᠦ ᠶᠢᠨ ᠱᠥᠯᠥ ᠶᠢ | ᠤᠳᠠᠭᠠᠨ ᠲᠠᠯᠪᠢᠪᠠᠯ ᠠᠽᠣᠲ ᠬᠦᠴᠢᠯ ᠤᠨ ᠳᠠᠪᠤᠰᠤ ᠨᠢ ᠵᠠᠳᠠᠷᠠᠭᠠᠳ ᠳᠤᠲᠠᠮᠠᠭ ᠠᠽᠣᠲ ᠬᠦᠴᠢᠯ ᠤᠨ ᠳᠠᠪᠤᠰᠤ | ᠪᠣᠯᠳᠠᠭ᠃ ᠳᠤᠲᠠᠮᠠᠭ ᠠᠽᠣᠲ ᠬᠦᠴᠢᠯ ᠤᠨᠲ᠋ᠠᠪᠤᠰᠤ ᠨᠢ ᠴᠢᠰᠤᠨ ᠳᠣᠲᠣᠷᠠᠬᠢ ᠴᠢᠰᠤᠨ ᠤ ᠤᠯᠠᠭᠠᠨ | ᠤᠭᠤᠷᠠᠭ ᠤᠨ ᠬᠦᠴᠢᠯᠲᠥ᠋ᠷᠥᠭᠴᠢ ᠠᠴᠢᠶᠠᠯᠠᠬᠤ ᠴᠢᠳᠠᠪᠤᠷᠢ ᠶᠢ ᠠᠯᠳᠠᠭᠤᠯᠵᠤ᠂ ᠬᠥᠮᠦᠨ ᠤ ᠪᠡᠶ᠎ᠡ ᠶᠢᠨ ᠬᠡᠪ ᠤᠨ | ᠴᠢᠰᠤ ᠪᠦᠲᠦᠭᠡᠬᠦ ᠠᠵᠢᠯᠯᠠᠭ᠎ᠠ ᠶᠢ ᠡᠪᠳᠡᠵᠦ᠂ ᠡᠷᠡᠭᠦᠯ ᠮᠡᠨᠳᠦ ᠶᠢ ᠨᠥᠯᠥᠭᠡᠯᠡᠳᠡᠭ᠃ ᠡᠶᠢᠮᠦ ᠠᠴᠠ ᠦᠨᠵᠢᠭᠰᠡᠨ | ᠴᠠᠭᠠᠨ ᠳᠡᠯᠳᠡᠦ ᠶᠢᠨ ᠱᠥᠯᠥ ᠶᠢ ᠬᠠᠮᠤᠭ ᠰᠠᠶᠢᠨ ᠨᠢ ᠪᠤᠣ ᠤᠤᠭᠤ᠃ | ᠵᠢᠷᠭᠤᠭ᠎ᠠ᠂ ᠥᠨᠳᠡᠭᠡ᠃ ᠱᠦᠷᠬᠡᠢ ᠥᠨᠳᠡᠭᠡ ᠭᠡᠳᠡᠭ ᠨᠢ ᠲᠤᠲᠠᠭᠤ ᠪᠤᠯᠭᠤᠭᠰᠠᠨ ᠥᠨᠳᠡᠭᠡ ᠶᠢ ᠵᠢᠭᠠᠨ᠎ᠠ᠂ | ᠱᠦᠷᠬᠡᠢ ᠥᠨᠳᠡᠭᠡᠨ ᠳᠣᠲᠣᠷᠠᠬᠢ ᠰᠠᠯᠮᠤᠨᠧᠯ ᠪᠠᠺᠲ᠋ᠧᠷᠢ ᠲᠦᠢᠯᠪᠤᠷᠢᠲᠠᠶ ᠦᠬᠦᠬᠦ ᠥᠬᠡᠶ᠃ ᠬᠡᠷᠪᠡ ᠪᠠᠰᠠ ᠨᠢᠭᠡ | ᠰᠥᠨᠢ ᠲᠠᠯᠪᠢᠪᠠᠯ᠂ᠪᠠᠺᠲ᠋ᠧᠷᠢ ᠶᠢᠨ ᠦᠷᠡᠵᠢᠬᠦ ᠪᠠ ᠬᠤᠤᠷ ᠡᠭᠦᠰᠭᠡᠬᠦ ᠵᠠᠪᠰᠢᠶᠠᠨ ᠨᠡᠮᠡᠭᠳᠡᠨ᠎ᠡ᠃ ᠲᠠᠬᠢᠶᠠᠨ | ᠥᠨᠳᠡᠭᠡ ᠶᠢ ᠭᠦᠢᠴᠡᠳ ᠪᠤᠯᠭᠤᠭᠠᠪᠡᠯ ᠰᠠᠶ᠋ᠢ ᠳᠣᠲᠣᠷᠠᠬᠢ ᠪᠠᠺᠲ᠋ᠧᠷᠢ ᠶᠢ ᠨᠢ ᠤᠰᠠᠳᠬᠠᠵᠤ ᠲᠠᠶᠢᠯᠤᠨ᠎ᠠ᠃ | | |