ᠵᠢᠯ ᠪᠦᠷᠢ ᠶᠢᠨ ᠬᠠᠪᠤᠷ ᠤᠨ ᠰᠡᠭᠦᠯᠴᠢ ᠪᠠᠷ᠂ ᠥᠪᠥᠷ ᠮᠣᠩᠭᠤᠯ ᠤᠨ ᠠᠭᠤᠷ ᠠᠮᠢᠰᠬᠤᠯ ᠦᠳᠲᠡᠷ | ᠲᠦᠷᠭᠡᠨ ᠳᠤᠯᠠᠭᠠᠷᠠᠵᠤ᠂ ᠡᠯ᠎ᠡ ᠭᠠᠵᠠᠷ ᠤᠨ ᠤᠳᠠ ᠤᠯᠢᠶᠠᠰᠤᠨ ᠮᠣᠳᠣᠨ ᠳᠤ ᠰᠢᠨ᠎ᠡ ᠳᠦᠷᠰᠦ ᠪᠠᠶᠢᠳᠠᠯ ᠢᠯᠡᠷᠡᠵᠦ᠂ | ᠤᠩᠭᠠᠷᠢᠯ ᠴᠤ ᠵᠠᠯᠭᠠᠭ᠎ᠠ ᠵᠠᠯᠭᠠᠭ᠎ᠠ ᠪᠠᠷ ᠳᠡᠭᠳᠡᠵᠦ ᠡᠬᠢᠯᠡᠳᠡᠭ᠃ ᠡᠨᠡ ᠵᠢᠯ ᠥᠪᠥᠷ ᠮᠣᠩᠭᠤᠯ ᠤᠨ ᠡᠯ᠎ᠡ | ᠭᠠᠵᠠᠷ ᠤᠨ ᠤᠳᠠ ᠤᠯᠢᠶᠠᠰᠤᠨ ᠤ ᠤᠩᠭᠠᠷᠢᠯ ᠬᠡᠵᠢᠶ᠎ᠡ ᠠᠴᠠ ᠡᠬᠢᠯᠡᠵᠦ ᠡᠭᠦᠰᠬᠦ ᠪᠣᠶ︖ ᠤᠳᠠ ᠤᠯᠢᠶᠠᠰᠤᠨ ᠤ | ᠤᠩᠭᠠᠷᠢᠯ ᠤᠨ ᠡᠭᠦᠰᠬᠦ ᠴᠠᠭ ᠠᠭᠤᠷ ᠤᠨ ᠨᠥᠬᠦᠴᠡᠯ ᠨᠢ ᠶᠠᠭᠤ ᠪᠣᠶ︖ ᠠᠯᠢ ᠬᠡᠰᠡᠭ ᠬᠤᠭᠤᠴᠠᠭᠠᠨ ᠳᠤ ᠤᠳᠠ | ᠤᠯᠢᠶᠠᠰᠤᠨ ᠤ ᠤᠩᠭᠠᠷᠢᠯ ᠬᠠᠮᠤᠭ ᠠᠴᠠ ᠬᠡᠴᠡᠭᠦᠳᠡᠬᠦ ᠦᠦ︖ ᠪᠢᠳᠡ ᠬᠡᠷᠬᠢᠨ ᠡᠳᠦᠷ ᠲᠤᠲᠤᠮ ᠤᠨ ᠬᠠᠮᠠᠭᠠᠯᠠᠯᠲᠠ | ᠬᠢᠪᠡᠯ ᠵᠣᠬᠢᠬᠤ ᠪᠣᠶ︖ ᠶᠠᠭᠠᠬᠢᠪᠠᠯ ᠤᠩᠭᠠᠷᠢᠯ ᠤᠨ ᠨᠥᠯᠥᠭᠡ ᠶᠢ ᠪᠦᠲᠦᠮᠵᠢᠲᠡᠶ ᠰᠡᠷᠭᠡᠶᠢᠯᠡᠵᠦ ᠴᠢᠳᠠᠬᠤ ᠪᠣᠶ︖ | ᠤᠳᠠ ᠤᠯᠢᠶᠠᠰᠤᠨ ᠤ ᠤᠩᠭᠠᠷᠢᠯ ᠤᠨ ᠲᠤᠬᠠᠢ ᠲᠠᠨᠢᠯᠳᠠ | ᠬᠠᠪᠤᠷ ᠪᠣᠯᠬᠤ ᠳᠤ ᠤᠳᠠ ᠤᠯᠢᠶᠠᠰᠤᠨ ᠮᠣᠳᠣᠨ ᠤ ᠡᠮ᠎ᠡ ᠰᠢᠷᠬᠡᠭ ᠠᠴᠠ ᠮᠠᠰᠢ ᠤᠯᠠᠨ ᠵᠢᠵᠢᠭ ᠪᠦᠮᠪᠦᠭᠡᠳᠦ | ᠴᠡᠴᠡᠭ ᠴᠤᠪᠤᠶᠢᠵᠤ ᠲᠣᠮᠣᠷᠠᠭᠠᠳ ᠪᠤᠯᠪᠠᠰᠤᠷᠠᠭᠰᠠᠨ ᠪᠣᠯᠤᠭᠰᠠᠨ ᠤ ᠲᠠᠷᠠᠭ᠎ᠠ ᠲᠡᠯᠡᠷᠡᠨ ᠴᠤᠬᠤᠶᠢᠵᠤ ︽ᠤᠩᠭᠠᠷᠢᠯ︾ | ᠭᠠᠷᠳᠠᠬ᠃ ᠡᠲᠡᠭᠡᠷ ︽ᠤᠩᠭᠠᠷᠢᠯ︾ ᠨᠢ ᠴᠥᠮ ᠦᠷ᠎ᠡ ᠮᠦᠨ᠂ ᠴᠠᠭᠠᠨ ᠥᠩᠭᠡ ᠲᠠᠢ ᠨᠤᠤᠯᠤᠷ ᠡᠭᠦᠰᠴᠦ᠂ | ᠰᠠᠯᠬᠢᠨ ᠤ ᠠᠶᠠᠪᠡᠷ ᠲᠠᠷᠬᠠᠭᠠᠭᠳᠠᠵᠤ᠂ ᠦᠷᠡᠵᠢᠯᠳᠡ ᠶᠢ ᠪᠡᠶᠡᠯᠡᠭᠦᠯᠬᠦ ᠶᠢᠨ ᠬᠠᠮᠲᠤ ︽ᠤᠩᠭᠠᠷᠢᠯ︾ ᠢ ᠪᠣᠶ | ᠪᠣᠯᠭᠠᠳᠠᠭ᠃ ᠤᠳᠠ ᠤᠯᠢᠶᠠᠰᠤᠨ ᠤ ᠤᠩᠭᠠᠷᠢᠯ ᠪᠣᠯ ᠤᠳᠠ ᠤᠯᠢᠶᠠᠰᠤᠨ ᠤ ᠬᠡᠪ ᠤᠨ ᠹᠢᠽᠢᠣᠯᠣᠭᠢ ᠶᠢᠨ ᠦᠵᠡᠭᠳᠡᠯ | ᠪᠣᠯᠣᠨ᠎ᠠ᠃ | ᠤᠳᠠ ᠤᠯᠢᠶᠠᠰᠤᠨ ᠤ ᠤᠩᠭᠠᠷᠢᠯ ᠡᠭᠦᠰᠬᠦ ᠴᠠᠭ ᠠᠭᠤᠷ ᠤᠨ ᠨᠥᠬᠦᠴᠡᠯ | ᠤᠳᠠ ᠤᠯᠢᠶᠠᠰᠤᠨ ᠤ ᠤᠩᠭᠠᠷᠢᠯ ᠡᠭᠦᠰᠬᠦ ᠴᠠᠭ ᠨᠢ ᠠᠭᠠᠷ ᠤᠨ ᠳᠤᠯᠠᠭᠠᠨ ᠲᠠᠢ ᠨᠢᠭᠲᠠ ᠬᠠᠷᠢᠴᠠᠭ᠎ᠠ ᠲᠠᠢ | ᠪᠠᠶᠢᠳᠠᠭ᠃ ᠡᠨᠡ ᠵᠢᠯ ᠤᠨ ᠤᠯᠢᠶᠠᠰᠤᠨ ᠤ ᠤᠩᠭᠠᠷᠢᠯ ᠡᠭᠦᠰᠬᠦ ᠴᠠᠭ ᠪᠤᠯ᠂ ᠡᠳᠦᠷ ᠤᠨ ᠳᠤᠮᠳᠠᠴᠢ ᠠᠭᠠᠷ ᠤᠨ | ᠳᠤᠯᠠᠭᠠᠨ ᠨᠢ 0℃ ᠠᠴᠠ ᠶᠡᠭᠡ ᠳᠤᠯᠠᠭᠠᠨ ᠤ ᠬᠡᠮᠵᠢᠶ᠎ᠡ ᠶᠢᠨ ᠨᠡᠶᠢᠯᠡᠪᠦᠷᠢ ᠨᠢ 480℃ ᠲᠤ ᠬᠦᠷᠦᠭᠰᠡᠨ | ᠮᠦᠷᠳᠡᠭᠡᠨ 5 ᠡᠳᠦᠷ ᠲᠠᠷᠠᠭᠠᠯᠠᠨ ᠳᠤᠮᠳᠠᠴᠢ ᠠᠭᠠᠷ ᠤᠨ ᠳᠤᠯᠠᠭᠠᠨ ᠨᠢ 14℃ ᠢ ᠲᠠᠪᠠᠭᠰᠠᠨ ᠬᠤᠶᠠᠷ ᠨᠥᠬᠦᠴᠡᠯ ᠢ | ᠬᠠᠮᠳᠦ ᠬᠠᠩᠭᠠᠬᠤ ᠦᠶ᠎ᠡ ᠳᠤ᠂ ᠤᠯᠢᠶᠠᠰᠤᠨ ᠮᠤᠳᠤᠨ ᠤ ᠬᠤᠩᠭᠤᠷᠴᠠᠭᠲᠤ ᠵᠢᠮᠢᠰ ᠡᠬᠢᠯᠡᠨ ᠬᠠᠭᠠᠷᠠᠵᠤ᠂ | ᠤᠯᠢᠶᠠᠰᠤᠨ ᠤᠩᠭᠠᠷᠢᠯ ᠡᠭᠦᠰᠳᠡᠭ᠃ ᠡᠩ ᠤᠨ ᠪᠠᠶᠢᠳᠠᠯ ᠳᠤ ᠠᠪᠴᠤ ᠬᠡᠯᠡᠪᠡᠯ᠂ ᠤᠳᠠ ᠮᠤᠳᠤᠨ ᠤ ᠤᠩᠭᠠᠷᠢᠯ ᠨᠢ | ᠤᠯᠢᠶᠠᠰᠤᠨ ᠤ ᠤᠩᠭᠠᠷᠢᠯ ᠡᠭᠦᠰᠦᠭᠰᠡᠨ ᠤ ᠲᠠᠷᠠᠭ᠎ᠠ 10 ᠭᠠᠷᠤᠢ ᠡᠳᠦᠷ ᠪᠣᠯᠤᠭᠰᠠᠨ ᠤ ᠳᠠᠷᠠᠭ᠎ᠠ ᠡᠭᠦᠰᠬᠦ ᠤᠯᠠᠷᠢᠯ | ᠪᠣᠯᠳᠠᠭ᠃ | ᠥᠪᠥᠷ ᠮᠣᠩᠭᠤᠯ ᠤᠨ ᠡᠯ᠎ᠡ ᠭᠠᠵᠠᠷ ᠤᠨ ᠤᠳᠠ ᠤᠯᠢᠶᠠᠰᠤᠨ ᠤ ᠤᠩᠭᠠᠷᠢᠯ ᠡᠭᠦᠰᠬᠦ ᠴᠠᠭ ᠤᠨ ᠲᠤᠬᠠᠢ | ᠤᠷᠢᠳᠴᠢᠯᠠᠭᠰᠠᠨ ᠮᠡᠳᠡᠭᠡ | ᠥᠪᠥᠷ ᠮᠣᠩᠭᠤᠯ ᠤᠨ ᠨᠤᠲᠤᠭ ᠳᠡᠪᠢᠰᠬᠡᠷ ᠥᠷᠭᠡᠨ ᠠᠭᠤᠳᠠᠮ᠂ ᠵᠡᠭᠦᠨᠰᠢ ᠪᠠᠷᠠᠭᠤᠨᠰᠢ ᠨᠠᠷᠢᠨ ᠤᠷᠲᠤ᠂ | ᠡᠯ᠎ᠡ ᠭᠠᠵᠠᠷ ᠤᠨ ᠠᠭᠠᠷ ᠤᠨ ᠳᠤᠯᠠᠭᠠᠨ ᠤ ᠵᠥᠷᠢᠶ᠎ᠡ ᠨᠡᠯᠢᠶᠡᠳ ᠶᠡᠭᠡ ᠪᠣᠯᠬᠤᠷ᠂ ᠤᠳᠠ ᠤᠯᠢᠶᠠᠰᠤᠨ ᠤ ᠤᠩᠭᠠᠷᠢᠯ | ᠡᠭᠦᠰᠬᠦ ᠴᠠᠭ ᠨᠢ ᠠᠳᠠᠯᠢ ᠦᠭᠡᠢ︔ ᠠᠳᠠᠯᠢ ᠨᠢᠭᠡᠨ ᠭᠠᠵᠠᠷ ᠣᠷᠣᠨ ᠳᠤ ᠤᠳᠠ ᠤᠯᠢᠶᠠᠰᠤᠨ ᠮᠣᠳᠣᠨ ᠤ ᠲᠦᠷᠦᠯ | ᠵᠦᠢᠯ ᠤᠯᠠᠨ ᠶᠠᠩᠵᠤ ᠶᠢᠨ ᠪᠠᠶᠢᠳᠠᠭ ᠪᠣᠯᠬᠤᠷ ᠤᠳᠠ ᠤᠯᠢᠶᠠᠰᠤᠨ ᠤ ᠤᠩᠭᠠᠷᠢᠯ ᠡᠭᠦᠰᠬᠦ ᠴᠠᠭ ᠨᠢ ᠴᠦ ᠪᠠᠭ᠎ᠠ | ᠰᠠᠭ᠎ᠠ ᠵᠥᠷᠢᠶ᠎ᠡ ᠲᠠᠢ ᠪᠠᠶᠢᠳᠠᠭ᠃ ᠵᠢᠱᠢᠯᠲᠡ ᠪᠠᠷ᠂ 5 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠨ᠂ ᠠᠯᠠᠱᠠ | ᠠᠶᠢᠮᠠᠭ ᠤᠨ ᠶᠡᠬᠡᠩᠬᠢ ᠬᠡᠰᠡᠭ᠂ ᠦᠬᠠᠢ ᠬᠤᠲᠠ᠂ ᠪᠠᠶᠠᠨᠨᠠᠭᠤᠷ ᠬᠤᠲᠠ ᠶᠢᠨ ᠳᠤᠮᠳᠠ ᠪᠠᠷᠠᠭᠤᠨ ᠬᠡᠰᠡᠭ᠂ ᠣᠷᠳᠣᠰ | ᠬᠤᠲᠠ ᠶᠢᠨ ᠶᠡᠬᠡᠩᠬᠢ ᠬᠡᠰᠡᠭ᠂ ᠪᠤᠭᠤᠲᠤ ᠬᠤᠲᠠ ᠶᠢᠨ ᠡᠮᠦᠨ᠎ᠡ ᠬᠡᠰᠡᠭ ᠲᠤ ᠤᠯᠢᠶᠠᠰᠤᠨ ᠤ ᠤᠩᠭᠠᠷᠢᠯ ᠡᠬᠢᠯᠡᠨ | ᠡᠭᠦᠰᠦᠨ᠎ᠡ︔ 5 ᠳ᠋ᠤᠭᠠᠷ ᠰᠠᠷ᠎ᠠ ᠶᠢᠨ ᠳᠤᠮᠳᠠᠴᠢ ᠪᠠᠷ᠂ ᠪᠠᠶᠠᠨᠨᠠᠭᠤᠷ ᠬᠤᠲᠠ ᠶᠢᠨ ᠳᠤᠮᠳᠠ ᠵᠡᠭᠦᠨ ᠬᠡᠰᠡᠭ᠂ | ᠣᠷᠳᠣᠰ ᠬᠤᠲᠠ ᠶᠢᠨ ᠵᠡᠭᠦᠨ ᠡᠮᠦᠨ᠎ᠡ ᠬᠡᠰᠡᠭ᠂ ᠪᠤᠭᠤᠲᠤ ᠬᠤᠲᠠ ᠶᠢᠨ ᠡᠮᠦᠨ᠎ᠡ ᠬᠡᠰᠡᠭ᠂ ᠬᠥᠬᠡᠬᠤᠲᠠ ᠶᠢᠨ | ᠶᠡᠬᠡᠩᠬᠢ ᠬᠡᠰᠡᠭ᠂ ᠤᠯᠠᠭᠠᠨᠬᠠᠳᠠ ᠬᠤᠲᠠ ᠶᠢᠨ ᠡᠮᠦᠨ᠎ᠡ ᠬᠡᠰᠡᠭ᠂ ᠲᠦᠩᠯᠢᠶᠣᠣ ᠬᠤᠲᠠ ᠶᠢᠨ ᠡᠮᠦᠨ᠎ᠡ ᠬᠡᠰᠡᠭ ᠤᠨ | ᠭᠠᠵᠠᠷ ᠣᠷᠣᠨ ᠤ ᠬᠢᠨ ᠤᠯᠢᠶᠠᠰᠤᠨ ᠤ ᠤᠩᠭᠠᠷᠢᠯ ᠤᠨ ᠡᠬᠢᠯᠡᠯᠲᠡ ᠶᠢᠨ ᠬᠤᠭᠤᠴᠠᠭᠠᠨ ᠳᠤ ᠤᠷᠤᠨ᠎ᠠ︔ 5 ᠳ᠋ᠤᠭᠠᠷ | ᠰᠠᠷ᠎ᠠ ᠶᠢᠨ ᠲᠤᠮᠳᠠ ᠰᠡᠭᠦᠯᠴᠢ ᠪᠠᠷ᠂ ᠪᠤᠭᠤᠲᠤ ᠬᠤᠳᠠ ᠶᠢᠨ ᠬᠤᠶᠢᠲᠤ ᠪᠡᠶ᠎ᠡ᠂ ᠤᠯᠠᠭᠠᠨᠴᠠᠪ ᠬᠤᠳᠠ᠂ ᠰᠢᠯᠢ ᠶᠢᠨ | ᠭᠤᠣᠯ ᠠᠶᠢᠮᠠᠭ ᠤᠨ ᠶᠡᠬᠡᠩᠬᠢ ᠬᠡᠰᠡᠭ᠂ ᠤᠯᠠᠭᠠᠨᠬᠠᠳᠠ ᠬᠤᠳᠠ ᠶᠢᠨ ᠪᠠᠷᠠᠭᠤᠨ ᠬᠤᠶᠢᠲᠤ ᠪᠡᠶ᠎ᠡ᠂ ᠲᠦᠩᠯᠢᠶᠣᠣ | ᠬᠤᠳᠠ ᠶᠢᠨ ᠬᠤᠶᠢᠲᠤ ᠪᠡᠶ᠎ᠡ᠂ ᠬᠢᠩᠭᠠᠨ ᠠᠶᠢᠮᠠᠭ ᠤᠨ ᠶᠡᠬᠡᠩᠬᠢ ᠭᠠᠵᠠᠷ ᠲᠤ ᠤᠯᠢᠶᠠᠰᠤᠨ ᠤ ᠤᠩᠭᠠᠷᠢᠯ ᠡᠬᠢᠯᠡᠵᠦ | ᠡᠭᠦᠰᠦᠨ᠎ᠡ︔ 5 ᠳ᠋ᠤᠭᠠᠷ ᠰᠠᠷ᠎ᠠ ᠶᠢᠨ ᠰᠡᠭᠦᠯᠴᠢ ᠪᠠᠷ᠂ ᠰᠢᠯᠢ ᠶᠢᠨ ᠭᠤᠣᠯ ᠠᠶᠢᠮᠠᠭ ᠤᠨ ᠵᠡᠭᠦᠨ ᠬᠤᠶᠢᠲᠤ ᠬᠡᠰᠡᠭ᠂ | ᠬᠢᠩᠭᠠᠨ ᠠᠶᠢᠮᠠᠭ ᠤᠨ ᠪᠠᠷᠠᠭᠤᠨ ᠬᠤᠶᠢᠲᠤ ᠬᠡᠰᠡᠭ᠂ ᠬᠥᠯᠥᠨ ᠪᠤᠶᠢᠷ ᠬᠤᠳᠠ ᠶᠢᠨ ᠶᠡᠬᠡᠩᠬᠢ ᠭᠠᠵᠠᠷ ᠲᠤ | ᠤᠯᠢᠶᠠᠰᠤᠨ ᠤ ᠤᠩᠭᠠᠷᠢᠯ ᠡᠬᠢᠯᠡᠵᠦ ᠡᠭᠦᠰᠦᠨ᠎ᠡ︔ 6 ᠳ᠋ᠤᠭᠠᠷ ᠰᠠᠷ᠎ᠠ ᠶᠢᠨ ᠳᠤᠮᠳᠠᠴᠢ ᠪᠠᠷ᠂ ᠬᠥᠯᠥᠨ ᠪᠤᠶᠢᠷ | ᠬᠤᠳᠠ ᠶᠢᠨ ᠵᠡᠭᠦᠨ ᠬᠤᠶᠢᠲᠤ ᠬᠡᠰᠡᠭ ᠲᠤ ᠤᠯᠢᠶᠠᠰᠤᠨ ᠤ ᠤᠩᠭᠠᠷᠢᠯ ᠡᠬᠢᠯᠡᠵᠦ ᠡᠭᠦᠰᠦᠨ᠎ᠡ᠃ ᠬᠠᠷᠢᠨ ᠡᠯ᠎ᠡ | ᠭᠠᠵᠠᠷ ᠤᠨ ᠤᠳᠠ ᠮᠤᠳᠤᠨ ᠤ ᠤᠩᠭᠠᠷᠢᠯ ᠨᠢ ᠤᠯᠢᠶᠠᠰᠤᠨ ᠤ ᠤᠩᠭᠠᠷᠢᠯ ᠡᠭᠦᠰᠦᠭᠰᠡᠨ ᠤ ᠳᠠᠷᠠᠭᠠᠬᠢ 10 | ᠡᠳᠦᠷ ᠤᠨ ᠣᠷᠴᠢᠮ ᠢᠶᠠᠷ ᠵᠠᠯᠭᠠᠯᠳᠤᠭᠠᠪᠠᠷ ᠡᠭᠦᠰᠴᠦ ᠡᠬᠢᠯᠡᠬᠦ ᠪᠣᠯᠣᠨ᠎ᠠ᠃ | ᠤᠩᠭᠠᠷᠢᠯ ᠡᠭᠦᠰᠬᠦ ᠬᠦᠭᠵᠢᠶᠡᠨᠳᠡᠢ ᠴᠠᠭ | ᠲᠤᠩᠭᠠᠯᠠᠭ ᠡᠳᠦᠷ ᠪᠣᠯ ᠶᠡᠷᠦ ᠳᠡᠭᠡᠨ ᠦᠳᠡ ᠶᠢᠨ ᠡᠮᠦᠨ᠎ᠡ ᠶᠢᠨ 10 ᠴᠠᠭ ᠠᠴᠠ ᠦᠳᠡ ᠶᠢᠨ | ᠬᠤᠶᠢᠨ᠎ᠠ ᠶᠢᠨ 16 ᠴᠠᠭ ᠪᠣᠯᠲᠠᠯ᠎ᠠ ᠮᠠᠰᠢ ᠬᠦᠭᠵᠢᠶᠡᠨᠳᠡᠢ ᠶᠠᠪᠤᠭᠳᠠᠨ᠎ᠠ᠃ ᠤᠴᠢᠷ ᠨᠢ ᠲᠣᠰ ᠬᠤᠭᠤᠴᠠᠭᠠᠨ ᠳᠤ | ᠨᠡᠷᠡᠨ ᠤ ᠰᠠᠴᠤᠷᠠᠯᠲᠠ ᠶᠢᠨ ᠨᠡᠮᠡᠭᠳᠡᠬᠦ ᠶᠢ ᠳᠠᠭᠠᠯᠳᠤᠨ᠂ ᠳᠤᠯᠠᠭᠠᠨ ᠤ ᠬᠡᠮᠵᠢᠶ᠎ᠡ ᠨᠢ ᠳᠡᠭᠡᠭᠰᠢᠯᠡᠵᠦ᠂ ᠠᠭᠠᠷ ᠤᠨ | ᠤᠷᠤᠰᠬᠠᠯ ᠨᠡᠮᠡᠭᠳᠡᠵᠦ᠂ ᠤᠳᠠ ᠤᠯᠢᠶᠠᠰᠤᠨ ᠤ ᠤᠩᠭᠠᠷᠢᠯ ︽ᠴᠢᠯᠦᠭᠡᠲᠡᠢ ᠨᠢᠰᠬᠦ︾ ᠳᠤ ᠠᠰᠢᠭᠲᠠᠢ ᠪᠠᠶᠢᠳᠠᠭ᠃ | ᠤᠩᠭᠠᠷᠢᠯ ᠢ ᠠᠷᠭᠠᠴᠠᠬᠤ ᠠᠷᠭ᠎ᠠ | 1 ᠵᠠᠶᠢᠯᠠᠬᠤ | ᠬᠠᠷᠰᠢᠯ ᠲᠡᠦᠬᠡ ᠲᠠᠢ ᠬᠥᠮᠥᠰ 10 ᠴᠠᠭ ᠠᠴᠠ 16 ᠴᠠᠭ ᠪᠣᠯᠲᠠᠯ᠎ᠠ ᠤᠳᠠ ᠤᠯᠢᠶᠠᠰᠤᠨ ᠤ ᠤᠩᠭᠠᠷᠢᠯ | ᠳᠡᠭᠳᠡᠬᠦ ᠴᠠᠭ ᠠᠴᠠ ᠠᠯᠢ ᠴᠢᠳᠠᠬᠤ ᠪᠠᠷ ᠵᠠᠶᠢᠯᠠᠵᠤ᠂ ᠥᠷᠯᠥᠭᠡ ᠦᠳᠡᠰᠢ ᠪᠤᠶᠤ ᠪᠣᠷᠣᠭᠠᠨ ᠤ ᠲᠠᠷᠠᠭᠠᠬᠢ ᠤᠳᠠ | ᠤᠯᠢᠶᠠᠰᠤ ᠶᠢᠨ ᠤᠩᠭᠠᠷᠢᠯ ᠪᠠᠭ᠎ᠠ ᠴᠠᠭ ᠬᠤᠭᠤᠴᠠᠭ᠎ᠠ ᠶᠢ ᠰᠣᠩᠭᠤᠵᠤ ᠭᠠᠳᠠᠭᠰᠢ ᠭᠠᠷᠤᠨ᠎ᠠ᠃ | 2 ᠬᠠᠮᠠᠭᠠᠯᠠᠬᠤ | ᠭᠠᠳᠠᠭᠰᠢ ᠭᠠᠷᠬᠤ ᠳᠠᠭᠠᠨ ᠲᠣᠭᠤᠰᠣ ᠰᠡᠷᠭᠡᠶᠢᠯᠡᠬᠦ ᠠᠮᠠᠪᠴᠢ᠂ ᠬᠠᠷ᠎ᠠ ᠰᠢᠯ᠂ ᠬᠠᠮᠠᠭᠠᠯᠠᠯᠲᠠ ᠶᠢᠨ ᠰᠢᠯ᠂ | ᠱᠠ ᠠᠯᠴᠢᠭᠤᠷ ᠵᠡᠷᠭᠡ ᠶᠢ ᠵᠡᠭᠦᠵᠦ᠂ ᠪᠦᠲᠦᠮᠵᠢᠲᠡᠶ ᠹᠢᠽᠢᠺ ᠤᠨ ᠬᠠᠯᠬᠠᠪᠴᠢ ᠬᠢᠨ᠎ᠡ᠃ | 3 ᠴᠡᠪᠡᠷᠯᠡᠬᠦ | ᠠᠮᠠ᠂ ᠬᠠᠮᠠᠷ᠂ ᠨᠢᠳᠦᠨ ᠳᠤᠨᠢ ᠤᠩᠭᠠᠷᠢᠯ ᠳᠤᠰᠤᠭᠰᠠᠨ ᠦᠶ᠎ᠡ ᠳᠤ ᠭᠠᠷ ᠢᠶᠠᠷ ᠢᠶᠠᠨ ᠨᠤᠬᠤᠯᠠᠵᠤ ᠪᠣᠯᠬᠤ | ᠦᠭᠡᠢ᠂ ᠭᠡᠷ ᠲᠡᠭᠡᠨ ᠬᠠᠷᠢᠭᠰᠠᠨ ᠤ ᠳᠠᠷᠠᠭ᠎ᠠ ᠴᠡᠪᠡᠷ ᠤᠰᠤ ᠪᠠᠷ ᠴᠠᠭ ᠲᠤᠬᠠᠢ ᠳᠤᠨᠢ ᠨᠢᠭᠤᠷ ᠤᠨ ᠬᠡᠰᠡᠭ ᠢᠶᠠᠨ | ᠤᠬᠢᠶᠠᠨ ᠴᠡᠪᠡᠷᠯᠡᠵᠦ᠂ ᠳᠠᠪᠤᠰᠤᠨ ᠠᠭᠤᠰᠤᠮᠠᠯ ᠢᠶᠠᠷ ᠬᠠᠮᠠᠷ ᠤᠨ ᠬᠥᠨᠳᠡᠢ᠂ ᠠᠮᠠᠨ ᠬᠥᠨᠳᠡᠢ ᠶᠢ ᠤᠬᠢᠶᠠᠨ | ᠴᠡᠪᠡᠷᠯᠡᠨ᠎ᠡ᠃ | 4 ᠠᠷᠢᠯᠭᠠᠬᠤ | ᠴᠣᠩᠬᠤ ᠪᠠᠨ ᠰᠠᠶᠢᠳᠦᠷ ᠬᠠᠭᠠᠵᠤ᠂ ᠭᠡᠷ ᠳᠣᠲᠣᠷ᠎ᠠ ᠤᠩᠭᠠᠷᠢᠯ ᠣᠷᠣᠵᠤ ᠢᠷᠡᠬᠦ ᠶᠢ ᠰᠡᠷᠭᠡᠶᠢᠯᠡᠨ᠎ᠡ︔ ᠬᠡᠷᠪᠡ | ᠤᠩᠭᠠᠷᠢᠯ ᠣᠷᠣᠵᠤ ᠢᠷᠡᠪᠡᠯ᠂ ᠲᠣᠭᠤᠰᠣ ᠰᠣᠷᠣᠭᠤᠷ ᠢᠶᠠᠷ ᠴᠠᠭ ᠲᠤᠬᠠᠢ ᠳᠤᠨᠢ ᠴᠡᠪᠡᠷᠯᠡᠬᠦ ᠪᠤᠶᠤ ᠤᠰᠤ | ᠰᠦᠷᠴᠢᠵᠦ ᠨᠣᠷᠭᠠᠭᠰᠠᠨ ᠤ ᠳᠠᠷᠠᠭ᠎ᠠ ᠴᠡᠪᠡᠷᠯᠡᠨ᠎ᠡ᠃ | 5 ᠰᠡᠷᠭᠡᠶᠢᠯᠡᠬᠦ | ᠤᠳᠠ ᠤᠯᠢᠶᠠᠰᠤᠨ ᠤ ᠤᠩᠭᠠᠷᠢᠯ ᠤᠨ ᠨᠣᠴᠣᠬᠤ ᠴᠡᠭ ᠨᠢ ᠳᠣᠣᠷ᠎ᠠ᠂ ᠲᠤᠶᠢᠯ ᠤᠨ ᠠᠮᠠᠷᠬᠠᠨ ᠭᠠᠯ ᠤᠨ | ᠠᠶᠤᠯ ᠡᠭᠦᠰᠬᠡᠬᠦ ᠮᠥᠷᠲᠡᠭᠡᠨ ᠲᠠᠷᠬᠠᠬᠤ ᠬᠤᠷᠳᠤᠴᠠ ᠨᠢ ᠲᠤᠶᠢᠯ ᠤᠨ ᠲᠦᠷᠭᠡᠨ ᠪᠠᠶᠢᠵᠤ᠂ ᠦᠷᠭᠦᠯᠵᠢᠯᠡᠭᠰᠡᠨ | ᠭᠠᠯ ᠤᠨ ᠠᠶᠤᠯ ᠠᠮᠠᠷᠬᠠᠨ ᠡᠭᠦᠰᠳᠡᠭ᠃ ᠡᠶᠢᠮᠦ ᠠᠴᠠ ᠲᠠᠮᠠᠬᠢᠨ ᠭᠠᠯ ᠶᠢ ᠳᠤᠷ᠎ᠠ ᠪᠠᠷ ᠢᠶᠠᠨ ᠬᠠᠶᠠᠬᠤ ᠂ ᠤᠩᠭᠠᠷᠢᠯ ᠢ | ᠨᠣᠴᠣᠭᠠᠬᠤ ᠶᠢ ᠴᠢᠩᠭ᠎ᠠ ᠴᠠᠭᠠᠵᠠᠯᠠᠵᠤ᠂ ᠬᠤᠷᠠᠭᠰᠠᠨ ᠤᠩᠭᠠᠷᠢᠯ ᠢ ᠴᠠᠭ ᠲᠤᠬᠠᠢ ᠳᠤᠨᠢ ᠴᠡᠪᠡᠷᠯᠡᠵᠦ᠂ ᠭᠠᠯ ᠤᠨ | ᠠᠶᠦᠯ ᠡᠭᠦᠰᠬᠦ ᠠᠴᠠ ᠰᠡᠷᠭᠡᠶᠢᠯᠡᠬᠦ ᠬᠡᠷᠡᠭᠲᠡᠢ᠃ | ᠢᠷᠡᠯᠲᠡ᠄ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ | ᠪᠠᠶᠢᠭᠤᠯᠤᠯᠲᠠ ᠶᠢᠨ ᠲᠢᠩᠬᠢᠮ ᠤᠨ ᠬᠤᠲᠠ ᠶᠢᠨ ᠪᠦᠲᠦᠭᠡᠨ ᠪᠠᠶᠢᠭᠤᠯᠤᠯᠲᠠ ᠶᠢᠨ ᠭᠠᠵᠠᠷ᠂ ᠥᠪᠡᠷᠲᠡᠭᠡᠨ ᠵᠠᠰᠠᠬᠤ | ᠣᠷᠣᠨ ᠤ ᠴᠠᠭ ᠠᠭᠤᠷ ᠤᠨ ᠲᠣᠪᠴᠢᠶ᠎ᠠ | |