ᠮᠤᠩᠭᠤᠯᠴᠤᠳ ᠡᠷᠳᠠ ᠲᠡᠬᠡᠷ᠎ᠡ ᠦᠶ᠎ᠡ ᠠᠴᠠ ᠪᠠᠨ ᠬᠠᠳᠠᠭ ᠢ ᠡᠷᠬᠢᠮᠯᠡᠭᠰᠡᠬᠡᠷ ᠢᠷᠡᠵᠡᠢ᠃ ᠬᠠᠳᠠᠭ ᠨᠢ | ᠲᠦᠪᠡᠳ ᠢᠶᠠᠷ ︽ᠦᠩᠬᠡ︾ ᠬᠡᠰᠡᠨ ᠤᠳᠬ᠎ᠠ ᠲᠠᠢ ᠦᠬᠡ᠃ ᠬᠠᠳᠠᠭ ᠦᠭᠭᠦ ᠳᠡᠭᠡᠨ ᠬᠠᠳᠠᠭ ᠤᠨ ᠠᠮᠨ ᠶᠢ | ᠲᠤᠬᠠᠢ ᠶᠢᠨ ᠭᠦᠮᠤᠨ ᠤ ᠪᠠᠨ ᠦᠬᠡᠳᠠ ᠠᠴᠠ ᠬᠠᠷᠠᠭᠤᠯᠤᠨ ᠬᠤᠶᠠᠷ ᠭᠠᠷ ᠢᠶᠠᠷ ᠢᠶᠠᠨ ᠦᠭᠳᠡᠭ ᠨᠢ ︽ᠠᠷᠢᠭᠤᠨ | ᠰᠠᠶᠢᠬᠠᠨ ᠰᠠᠳᠬᠢᠯ ᠤᠨ ᠡᠭᠦᠳᠠᠨ ᠠᠴᠠ ᠪᠠᠷᠢᠵᠤ ᠪᠠᠶᠢᠭ᠎ᠠ ᠪᠡᠯᠡᠭ᠂ ᠲᠠᠨ ᠳᠤ ᠦᠯᠵᠡᠢ ᠲᠠᠢ ᠪᠤᠯᠤᠭ᠂ ᠪᠢᠳᠠᠨ ᠤ ᠡᠶ᠎ᠡ | ᠡᠪ ᠬᠤᠶᠢᠰᠢᠳᠠ ᠴᠤ ᠴᠡᠪᠡᠷ ᠠᠷᠢᠭᠤᠨ ᠪᠠᠶᠢᠨ᠎ᠠ︾ ᠬᠡᠰᠡᠨ ᠤᠳᠬ᠎ᠠ ᠲᠠᠢ ᠠᠵᠠᠢ᠃ ᠬᠠᠳᠠᠭ ᠢ ᠬᠤᠶᠠᠷ ᠭᠠᠷ ᠲᠠᠭᠠᠨ | ᠠᠪᠤᠭᠠᠳ ᠲᠤᠯᠤᠭᠠᠢ ᠲᠠᠯ᠎ᠠ ᠶᠢ ᠨᠢ ᠪᠠᠷᠠᠭᠤᠨ ᠭᠠᠷ ᠲᠡᠬᠡᠷ᠎ᠡ ᠪᠠᠨ ᠲᠠᠯᠪᠢᠳᠠᠭ᠃ ᠡᠨᠡ ᠨᠢ ᠬᠠᠳᠠᠭ ᠤᠨ ᠬᠡ | ᠲᠤᠯᠤᠭᠠᠢ ᠶᠢ ᠲᠤᠷᠤᠭᠰᠢ ᠬᠠᠷᠠᠭᠤᠯᠳᠠᠭ ᠦᠭᠡᠢ ᠲᠠᠢ ᠬᠤᠯᠪᠤᠭ᠎ᠠ ᠲᠠᠢ᠃ ᠬᠠᠷᠢᠨ ᠭᠠᠰᠢᠭᠤᠳᠠᠯ ᠤᠨ ᠬᠠᠳᠠᠭ ᠢ | ᠡᠪᠬᠡᠵᠤ ᠦᠭᠳᠡᠭ᠃ ᠬᠠᠳᠠᠭ ᠢ ᠪᠤᠩᠬᠤᠨ ᠳᠤ ᠬᠢᠳᠡᠭ ᠶᠤᠰᠤ ᠤᠭᠳᠤ ᠦᠭᠡᠢ ᠶᠤᠮ᠃ | ᠬᠠᠳᠠᠭ ᠨᠢ ᠴᠠᠭᠠᠨ᠂ ᠭᠦᠬᠡ᠂ ᠰᠢᠷ᠎ᠠ᠂ ᠤᠯᠠᠭᠠᠨ᠂ ᠨᠤᠭᠤᠭᠠᠨ ᠬᠡᠰᠡᠨ ᠦᠨᠳᠤᠰᠤᠨ ᠲᠠᠪᠤᠨ ᠦᠩᠬᠡ ᠲᠠᠢ | ᠪᠠᠶᠢᠳᠠᠭ ᠪᠠ ᠲᠤᠰ ᠲᠤᠰ ᠲᠠᠭᠠᠨ ᠵᠠᠩ ᠦᠢᠯᠨ᠂ ᠪᠡᠯᠬᠡᠳᠡᠯ ᠢ ᠠᠭᠤᠯᠳᠠᠭ ᠪᠠᠶᠢᠨ᠎ᠠ᠃ | ᠴᠠᠭᠠᠨ ᠦᠩᠬᠡ ᠶᠢᠨ ᠬᠠᠳᠠᠭ᠄ ︽ᠲᠡᠬᠡᠳᠤ ᠶᠢᠨ ᠰᠢᠳᠢ ᠪᠦᠳᠤᠬᠡᠯ︾ ᠢ ᠪᠡᠯᠬᠡᠳᠡᠭᠦ ᠪᠦᠬᠡᠳ ᠡᠷᠳᠡᠮ | ᠨᠤᠮ ᠤᠨ ᠤᠷᠬᠢᠯ ᠳᠤ ᠭᠦᠷᠭᠦ ᠮᠦᠨ ᠴᠢᠨᠡᠷ ᠤᠨ ᠪᠡᠯᠬᠡᠳᠡᠯ ᠠᠭᠤᠯᠤᠭᠰᠡᠨ ᠪᠠᠶᠢᠳᠠᠭ᠃ ᠶᠡᠬᠡᠪᠴᠢᠯᠡᠨ ᠨᠤᠮ ᠤᠨ | ᠦᠢᠯᠨ ᠳᠤ ᠬᠡᠷᠡᠭᠯᠡᠳᠡᠭ ᠠᠵᠠᠢ᠃ | ᠰᠢᠷ᠎ᠠ ᠦᠩᠬᠡ ᠶᠢᠨ ᠬᠠᠳᠠᠭ᠄ ︽ᠲᠡᠯᠬᠡᠷᠡᠩᠭᠦᠢ ᠶᠢᠨ ᠦᠢᠯᠨ︾ ᠶᠢᠨ ᠢᠳᠠ ᠰᠢᠳᠢ ᠶᠢ ᠪᠡᠯᠬᠡᠳᠡᠭᠦ ᠪᠠ ᠨᠠᠰᠤ | ᠪᠤᠶᠠᠨ᠂ ᠡᠷᠳᠡᠮ ᠴᠢᠳᠠᠯ ᠤᠨ ᠭᠦᠴᠤ ᠶᠢ ᠠᠭᠤᠯᠳᠠᠭ᠃ ᠶᠡᠬᠡᠪᠴᠢᠯᠡᠨ ᠱᠠᠰᠢᠨ ᠪᠤᠯᠤᠨ ᠭᠦᠨᠳᠤᠳᠬᠡᠯ ᠤᠨ | ᠦᠢᠯᠨ ᠳᠤ ᠪᠠᠷᠢᠳᠠᠭ ᠪᠠᠶᠢᠨ᠎ᠠ᠃ | ᠭᠦᠬᠡ ᠦᠩᠬᠡ ᠶᠢᠨ ᠬᠠᠳᠠᠭ᠄ ︽ᠠᠮᠢᠯᠠᠭᠤᠯᠬᠤᠢ ᠦᠢᠯᠨ︾ ᠶᠢᠨ ᠰᠢᠳᠢ ᠶᠢ ᠪᠡᠯᠬᠡᠳᠡᠭᠦ ᠪᠠ ᠡᠪᠡᠳᠴᠢᠨ᠂ | ᠠᠳᠠ ᠪᠠᠷᠴᠢᠳ ᠢ ᠲᠠᠷᠤᠬᠤ ᠶᠢᠨ ᠰᠢᠳᠤᠬᠡᠨ ᠪᠠᠷᠢᠯᠳᠤᠯᠭ᠎ᠠ ᠪᠤᠯᠳᠠᠭ᠃ ᠪᠠᠰᠠ ᠨᠠᠶᠢᠳᠠ ᠶᠢᠨ ᠭᠦᠨᠳᠤᠳᠬᠡᠯ ᠤᠨ ᠵᠠᠩ | ᠦᠢᠯᠨ ᠳᠤ ᠬᠡᠷᠡᠭᠯᠡᠳᠡᠭ᠃ | ᠤᠯᠠᠭᠠᠨ ᠦᠩᠬᠡ ᠶᠢᠨ ᠬᠠᠳᠠᠭ᠄ ︽ᠡᠷᠢᠬᠡᠨ ᠦᠢᠯᠨ︾ ᠶᠢᠨ ᠢᠳᠠ ᠰᠢᠳᠢ ᠶᠢ ᠪᠡᠯᠬᠡᠳᠡᠭᠦ ᠪᠠ ᠡᠨᠡ ᠨᠢ | ᠠᠯᠳᠠᠷ ᠨᠡᠷ᠎ᠡ ᠲᠡᠭᠦᠰ ᠡᠳ᠋ᠯᠡᠯ ᠤᠨ ᠪᠠᠶᠠᠯᠢᠭ ᠬᠤᠷᠠᠬᠤᠶᠢᠴᠠ ᠰᠢᠳᠤᠬᠡᠨ ᠪᠠᠷᠢᠯᠳᠤᠯᠭ᠎ᠠ ᠲᠠᠢ᠂ ᠡᠶᠢᠮᠤ ᠳᠡᠭᠡᠨ | ᠲᠦᠷᠤ ᠶᠢᠨ ᠶᠡᠬᠡᠰ ᠲᠡᠬᠡᠳᠤᠰ ᠲᠤ ᠪᠠᠷᠢᠬᠤ ᠪᠠ ᠭᠦᠨᠳᠤᠳᠬᠡᠯ ᠤᠨ ᠢᠳᠡᠭᠡ ᠶᠢ ᠪᠦᠳᠡᠬᠡᠳᠡᠭ ᠪᠠᠶᠢᠨ᠎ᠠ᠃ | ᠨᠤᠭᠤᠭᠠᠨ ᠦᠩᠬᠡ ᠶᠢᠨ ᠬᠠᠳᠠᠭ᠄ ︽ᠬᠠᠳᠠᠭᠤ ᠦᠢᠯᠨ︾ ᠶᠢᠨ ᠰᠢᠳᠢ ᠶᠢ ᠪᠡᠯᠬᠡᠳᠡᠭᠦ ᠪᠠ ᠲᠠᠶᠢᠰᠤᠨ᠂ | ᠰᠠᠭᠠᠳ ᠲᠦᠢᠳᠭᠡᠷ᠂ ᠠᠳᠠ ᠴᠢᠳᠭᠦᠷ ᠢ ᠵᠠᠶᠢᠯᠠᠭᠤᠯᠬᠤ ᠶᠢᠨ ᠭᠦᠴᠤ ᠶᠢ ᠬᠠᠶᠢᠷᠠᠯᠠᠳᠠᠭ᠂ ᠱᠠᠰᠢᠨ ᠤ ᠬᠠᠳᠠᠭᠤ | ᠦᠢᠯᠨ ᠶᠢᠨ ᠲᠠᠭᠠᠳᠬᠠᠯ ᠳᠤ ᠪᠠᠷᠢᠳᠠᠭ ᠪᠠᠶᠢᠵᠠᠢ᠃ |