ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ
ᠨᠡᠶᠢᠲᠡᠯᠡᠭᠰᠡᠨ ᠴᠠᠭ᠄
2025/3/23
      ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠤᠷᠢᠨ ᠬᠠᠪᠤᠷ ᠤᠨ ᠴᠢᠭᠤᠯᠭᠠᠨ ᠳᠤ ᠲᠥᠯ ᠤᠨ ᠳᠠᠭᠤ ᠲᠠᠢ ᠬᠥᠳᠡᠭᠡ ᠤᠶᠠᠩᠭ᠎ᠠ ᠨᠠᠶᠢᠷᠠᠭ ᠢᠶᠠᠷ ᠨᠢᠯᠬᠠᠷᠠᠵᠤ ᠠᠭᠤᠯᠠ ᠶᠢᠨ ᠡᠩᠭᠡᠷ ᠲᠤ ᠢᠷᠭᠤᠢ ᠨᠢᠳᠦᠯᠡᠬᠦ ᠶᠢᠨ ᠵᠠᠭᠤᠷ᠎ᠠ ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠳᠤ ᠳᠤᠷᠠᠯᠠᠯ ᠤᠨ ᠴᠡᠩᠬᠡᠷ ᠲᠡᠷᠯᠢᠭ ᠢᠶᠠᠨ ᠡᠮᠦᠰᠳᠡᠭ ᠣᠳᠣᠳ ᠤᠨ ᠬᠢᠵᠠᠭᠠᠷ ᠦᠭᠡᠢ ᠵᠠᠢ ᠳᠤ ᠮᠥᠷᠥᠭᠡᠳᠦᠯ ᠢᠶᠠᠨ ᠭᠡᠵᠦ ᠲᠡᠮᠡᠦᠯᠦᠭᠰᠡᠨ ᠬᠦᠰᠡᠯ ᠮᠢᠨᠢ ᠭᠤᠣᠯ ᠤᠨ ᠤᠰᠤᠨ ᠪᠣᠯᠵᠤ ᠮᠡᠯᠮᠡᠯᠵᠡᠨ ᠴᠡᠴᠡᠭ ᠪᠦᠭᠦᠨ ᠤ ᠥᠩᠭᠡᠨ ᠳᠤᠮᠳᠠᠭᠤᠷ ᠣᠨ ᠵᠢᠯ ᠥᠭᠰᠥᠵᠦ ᠤᠷᠤᠭᠤᠳᠠᠬᠤ ᠳᠤ ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠤᠨ ᠭᠡᠭᠡᠨ ᠮᠡᠯᠮᠡᠢ ᠳᠤᠨᠢ ᠪᠢ ᠴᠡᠴᠡᠭᠯᠡᠳᠡᠭ ᠠᠶᠠᠨ ᠤ ᠰᠢᠪᠠᠭᠤᠳ ᠤᠮᠠᠷᠠᠰᠢ ᠪᠤᠴᠠᠵᠤ ᠠᠶᠠᠯᠭᠤ ᠳᠠᠭᠤᠤ ᠰᠡᠳᠬᠢᠯ ᠬᠥᠭᠵᠢᠭᠡᠨ ᠨᠣᠮ ᠤᠨ ᠵᠠᠪᠰᠠᠷ ᠲᠤ ᠰᠢᠨ᠎ᠡ ᠨᠠᠬᠢᠶ᠎ᠠ ᠴᠤᠬᠤᠯᠵᠠᠨ ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠤᠨ ᠮ᠊‍ᠥ᠋ᠷᠥᠭᠡᠳᠦᠯ ᠤᠨ ᠭᠡᠭᠡᠨ ᠵᠠᠮ ᠢᠶᠠᠷ ᠪᠢ ᠲᠡᠮᠡᠦᠯᠳᠡᠭ ᠣᠯᠠᠨ ᠵᠦᠭ ᠤᠨ ᠠᠮᠢᠲᠠᠨ ᠭᠠᠵᠠᠷ ᠢᠶᠠᠨ ᠴᠢᠩᠨᠠᠵᠤ ᠰᠠᠨᠰᠠᠷ ᠲᠤ ᠣᠳᠣᠳ ᠳᠦᠭᠦᠷᠡᠩ ᠢᠨᠢᠶᠡᠮᠰᠦᠭᠯᠡᠨ ᠬᠠᠶᠢᠷ᠎ᠠ ᠪᠦᠭᠦᠨ ᠨᠢ ᠢᠯᠴᠢ ᠪᠠᠷ ᠭᠤᠶᠤᠵᠤ ᠰᠦᠢᠯᠭ᠎ᠠ ᠲᠠᠢ ᠮᠣᠷᠢᠳ ᠴᠣᠪᠬᠤᠴᠢᠬᠤ ᠳᠤ ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠤᠨ ᠳᠥᠷᠥᠭᠡᠨ ᠳᠡᠭᠡᠷ᠎ᠡ ᠪᠢ ᠮᠢᠰᠢᠶᠡᠳᠡᠭ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1