ᠴᠠᠰᠤᠨ ᠳᠤ | | ᠡᠪᠦᠯ ᠤᠨ ᠠᠩᠬᠠᠨ ᠤ ᠴᠠᠰᠤ ᠤᠨᠠᠭᠰᠠᠨ ᠡᠳᠦᠷ ᠴᠠᠰᠤ ᠰᠢᠭ᠋ ᠴᠠᠭᠠᠬᠠᠨ᠂ ᠴᠠᠰᠤ ᠰᠢᠭ᠋ ᠵᠥᠭᠡᠯᠡᠬᠡᠨ | ᠬᠥᠮᠥᠨ ᠤ ᠰᠡᠳᠬᠢᠯ ᠢ ᠳᠠᠭᠢᠨ ᠨᠢᠭᠡ ᠤᠳᠠᠭ᠎ᠠ ᠣᠯᠵᠤ ᠬᠠᠷᠠᠭᠰᠠᠨ ᠪᠢᠯᠡ᠃ | ᠡᠨᠡ ᠡᠳᠦᠷ ᠠᠵᠢᠯ ᠠᠴᠠ ᠪᠠᠨ ᠪᠠᠭᠤᠭᠠᠳ ᠸᠠᠩ ᠡᠭᠡᠴᠢ ᠶᠢᠨ ᠳᠤ ᠬᠦᠷᠬᠦ ᠪᠠᠷ ᠪᠣᠯᠤᠭᠰᠠᠨ ᠶᠤᠮ᠃ | ᠵᠠᠮ ᠳᠠᠭᠠᠨ ᠸᠠᠩ ᠡᠭᠡᠴᠢ ᠲᠠᠢ ᠬᠤᠶᠠᠭᠤᠯᠠ ᠨᠣᠭᠤᠭ᠎ᠠ ᠶᠢᠨ ᠵᠠᠬ᠎ᠠ ᠪᠠᠷ ᠳᠠᠭᠠᠷᠢᠬᠤ ᠪᠠᠷ ᠪᠣᠯᠪᠠ᠃ ᠲᠡᠷᠭᠡ | ᠵᠣᠭᠰᠤᠭᠠᠬᠤ ᠪᠠᠶᠢᠷᠢ ᠣᠯᠬᠤ ᠦᠭᠡᠢ ᠨᠣᠭᠤᠭ᠎ᠠ ᠶᠢᠨ ᠵᠠᠬ᠎ᠠ ᠪᠣᠯᠬᠤᠷ ᠵᠠᠮ ᠤᠨ ᠳᠦᠷᠢᠮ ᠭᠤᠷᠢᠮ ᠴᠦ ᠠᠯᠠᠭ᠎ᠠ᠃ | ᠮᠠᠰᠢᠨ ᠲᠠᠢ ᠨᠢ ᠶᠠᠭᠠᠬᠢᠬᠤ ᠳᠤᠷ᠎ᠠ ᠲᠠᠢ ᠪᠣᠯ ᠵᠣᠷᠢᠭ ᠢᠶᠠᠷ ᠢᠶᠠᠨ ᠵᠣᠳᠣᠵᠤ ᠪᠠᠶᠢᠬᠤ ᠨᠢ᠃ ᠸᠠᠩ ᠡᠭᠡᠴᠢ ᠭᠤᠶᠤ | ᠮᠠᠰᠢᠨ ᠢᠶᠠᠨ ᠰᠦᠯᠵᠢᠯᠳᠦᠭᠰᠡᠨ ᠬᠥᠮᠥᠨ ᠤᠯᠠᠨ ᠤ ᠤᠷᠤᠰᠬᠠᠯ ᠳᠤᠮᠳᠠᠭᠤᠷ ᠨᠠᠭᠠᠰᠢ ᠴᠠᠭᠠᠰᠢ ᠨᠡᠯᠢᠶᠡᠳ | ᠶᠤᠭᠤᠭᠤᠯᠵᠤ ᠪᠠᠶᠢᠵᠤ ᠳᠥᠩᠭᠡᠵᠢ ᠨᠢᠭᠡ ᠪᠠᠶᠢᠷᠢ ᠣᠯᠵᠤ ᠬᠤᠶᠠᠭᠤᠯᠠ ᠲᠡᠷᠭᠡᠨ ᠠᠴᠠ ᠪᠠᠭᠤᠪᠠ᠃ | ᠪᠦᠭᠦ᠋ᠢᠯᠡ ᠨᠣᠭᠤᠭ᠎ᠠ ᠶᠢᠨ ᠳᠡᠯᠭᠡᠰᠢ ᠬᠤᠳᠠᠯᠳᠤᠭ᠎ᠠ ᠶᠢ ᠪᠠᠷᠤᠭ ᠪᠦᠷ ᠥᠩᠭᠡᠷᠡᠵᠦ ᠬᠠᠮᠤᠭ ᠳᠣᠲᠣᠷ | ᠵᠠᠬ᠎ᠠ ᠶᠢᠨ ᠬᠥᠭᠰᠢᠨ ᠤ ᠡᠮᠦᠨ᠎ᠡ ᠬᠦᠷᠴᠦ ᠢᠷᠡᠳᠡᠯ᠎ᠡ ᠥᠨᠳᠥᠷ ᠦᠰᠦᠭᠡᠢ ᠲᠠᠢ ᠱᠠᠬᠠᠢ ᠡᠮᠦᠰᠦᠭᠰᠡᠨ ᠪᠢ ᠡᠶᠢᠮᠦ | ᠴᠠᠰᠤᠨ ᠳᠤ ᠡᠩᠬᠦᠯ ᠳᠤᠩᠬᠤᠯ ᠵᠠᠮ ᠢᠶᠠᠷ ᠡᠳᠦᠢ ᠬᠤᠯᠠ ᠠᠯᠬᠤᠭᠰᠠᠨ ᠳᠠᠭᠠᠨ ᠭᠠᠰᠢᠭᠤ ᠳᠠᠭᠤ ᠳᠠᠯᠪᠢᠬᠤ ᠳᠤ | ᠳᠥᠬᠦᠵᠦ ᠪᠢᠯᠡ᠃ | ᠨᠣᠭᠤᠭ᠎ᠠ ᠴᠠᠭ᠎ᠠ ᠪᠠᠨ ᠠᠪᠴᠤ ᠲᠡᠷᠭᠡᠨ ᠳᠤᠨᠢ ᠭᠠᠷᠴᠤ ᠰᠠᠭᠤᠬᠤ ᠳᠠᠭᠠᠨ ᠶᠠᠭᠠᠬᠢᠭᠠᠳ ᠵᠠᠪᠠᠯ ᠳᠡᠷᠡ | ᠬᠥᠭᠰᠢᠨ ᠤ ᠨᠣᠭᠤᠭ᠎ᠠ ᠶᠢ ᠠᠪᠳᠠᠭ ᠢ ᠨᠢ ᠸᠠᠩ ᠡᠭᠡᠴᠢ ᠠᠴᠠ ᠠᠰᠠᠭᠤᠪᠠ᠃ | ᠳᠥᠷᠥᠭᠦᠥ ᠬᠤᠶᠠᠷ ᠤᠳᠠᠭ᠎ᠠ ᠴᠦ ᠨᠠᠳᠠ ᠲᠠᠢ ᠬᠠᠮᠲᠤ ᠪᠦᠷ ᠯᠡ ᠲᠡᠷᠡ ᠬᠥᠭᠰᠢᠨ ᠠᠴᠠ ᠨᠣᠭᠤᠭ᠎ᠠ | ᠠᠪᠤᠭᠰᠠᠨ ᠢ ᠨᠢ ᠪᠢ ᠰᠠᠨᠠᠵᠤ ᠣᠯᠣᠭᠰᠠᠨ ᠶᠤᠮ᠃ | ᠸᠠᠩ ᠡᠭᠡᠴᠢ ᠢᠨᠢᠶᠡᠭᠡᠳ᠄ ︽ᠵᠣᠬᠢᠶᠠᠯ ᠪᠢᠴᠢᠳᠡᠭ ᠬᠥᠮᠥᠨ ᠪᠣᠯᠬᠤᠷ ᠬᠠᠰᠢᠯᠠ ᠥᠭᠡᠷ᠎ᠡ᠂ ᠶᠠᠭᠤᠮᠠᠨ ᠳᠤ | ᠠᠵᠢᠭᠴᠢ ᠰᠣᠨᠢᠭᠤᠴᠢ ᠪᠠᠶᠢᠨ᠎ᠠ᠃ ᠮᠠᠨ ᠤ ᠬᠠᠮᠲᠤ ᠠᠵᠢᠯᠯᠠᠭᠴᠢ ᠲᠠᠨᠢᠳᠠᠭ ᠬᠥᠮᠥᠨ ᠲᠠᠢ ᠴᠤᠭ ᠣᠯᠠᠨᠲᠠ ᠢᠷᠡᠭᠰᠡᠨ | ᠴᠦ ᠬᠡᠨ ᠨᠢ ᠴᠦ ᠢᠩᠭᠢᠵᠦ ᠠᠰᠠᠭᠤᠵᠤ ᠪᠠᠶᠢᠭ᠎ᠠ ᠦᠭᠡᠢ︾ ᠭᠡᠳ ᠲᠡᠷᠡ ᠬᠥᠭᠰᠢᠨ ᠠᠴᠠ ᠨᠣᠭᠤᠭ᠎ᠠ ᠠᠪᠳᠠᠭ | ᠦᠯᠢᠭᠡᠷ ᠢᠶᠠᠨ ᠶᠠᠷᠢᠵᠤ ᠪᠢᠯᠡ᠃ | - ᠤᠤᠯ ᠨᠢ ᠪᠢ ᠴᠦ ᠲᠡᠷᠡ ᠬᠥᠭᠰᠢᠨ ᠢ ᠤᠪᠠᠶᠢᠯᠠᠵᠤ ᠪᠠᠶᠢᠭ᠎ᠠ ᠦᠭᠡᠢ᠃ ᠡᠩ ᠤᠨ ᠨᠣᠭᠤᠭ᠎ᠠ | ᠬᠤᠳᠠᠯᠳᠤᠳᠠᠭ ᠯᠡ ᠬᠥᠮᠥᠨ ᠰᠢᠳᠡ᠃ ᠬᠠᠷᠢᠨ ᠨᠢᠭᠡ ᠤᠳᠠᠭ᠎ᠠ ᠨᠥᠭᠦᠭᠡ ᠬᠥᠭᠰᠢᠨ᠂ ᠬᠠᠭᠤᠷᠮᠠᠭ ᠵᠠᠭᠤᠨ ᠵᠣᠭᠤᠰ | ᠣᠯᠴᠢᠬᠠᠭᠠᠳ ᠤᠬᠢᠯᠠᠵᠤ ᠪᠠᠶᠢᠭᠰᠠᠨ ᠲᠠᠢ ᠳᠠᠭᠠᠷᠠᠵᠠᠢ᠃ ᠬᠥᠭᠰᠢᠨ ᠨᠢᠭᠡ ᠲᠠᠯ᠎ᠠ ᠪᠠᠷ ᠤᠬᠢᠯᠠᠵᠤ ᠥᠭᠡᠯᠡᠵᠦ | ᠨᠥᠭᠦᠭᠡ ᠲᠠᠯ᠎ᠠ ᠪᠠᠷ ᠥᠨᠥ ᠵᠠᠭᠤᠨ ᠳᠡᠪᠢᠰᠬᠡᠷᠲᠦ ᠶᠢ ᠦᠢᠷᠡᠮᠡᠭ ᠪᠤᠯᠳᠠᠯ᠎ᠠ ᠤᠷᠠᠵᠤ ᠤᠷᠭᠢᠵᠤ ᠪᠠᠶᠢᠯ᠎ᠠ᠃ | ᠬᠠᠵᠠᠭᠤ ᠳᠤᠨᠢ ᠨᠢᠭᠡ ᠵᠠᠯᠠᠭᠤᠪᠲᠤᠷ ᠪᠦᠰᠡᠭᠦᠢ᠂ ᠬᠥᠭᠰᠢᠨ ᠢ ᠵᠢᠮᠡᠯᠡᠨ ᠪᠤᠷᠤᠭᠤᠰᠢᠶᠠᠵᠤ ︽ᠪᠢᠲᠡᠭᠡᠢ ᠤᠷᠠᠵᠤ ᠤᠷᠭᠢ | ᠭᠡᠬᠦ ᠳᠤ ᠬᠥᠮᠥᠨ ᠤ ᠢᠳᠬᠠᠯ ᠢ ᠰᠤᠨᠤᠰᠬᠤ ᠦᠭᠡᠢ᠃ ᠴᠢᠨᠦ ᠡᠨᠡ ᠬᠥᠮᠥᠨ ᠶᠠᠭᠠᠬᠢᠭᠰᠠᠨ ᠵᠥᠷᠢᠭᠦᠳ ᠶᠤᠮ᠃ | ᠮᠥᠨ ᠡᠭᠡᠭᠡ ᠠᠳᠠᠯᠢ ᠵᠠᠷᠤᠵᠤ ᠲᠡᠶᠢᠯᠥᠨ᠎ᠡ᠃ ᠪᠢ ᠪᠦᠷ ᠭᠡᠳᠤ ᠤᠳᠠᠭ᠎ᠠ ᠵᠠᠷᠤᠵᠤ ᠴᠢᠳᠠᠭᠰᠠᠨ︾ ᠭᠡᠵᠦ ᠪᠠᠶᠢᠨ᠎ᠠ᠃ | - ᠪᠣᠯᠵᠠᠢ᠂ ᠪᠠᠶᠢᠴᠢᠬᠠᠶ᠎ᠠ᠃ ᠪᠢ ᠬᠠᠭᠤᠷᠮᠠᠭ ᠵᠣᠭᠤᠰ ᠣᠯᠣᠭᠠᠳ ᠵᠣᠪᠠᠵᠤ ᠰᠢᠨᠠᠯᠤᠯᠠ᠃ ᠥᠭᠡᠷ᠎ᠡ | ᠬᠥᠮᠥᠨ ᠳᠤ ᠵᠠᠷᠤᠵᠤ ᠳᠡᠶᠢᠯᠭᠦ ᠪᠠᠷ ᠪᠤᠳᠤᠬᠰᠠᠨ ᠴᠦ ᠪᠤᠰᠤᠳ ᠬᠥᠮᠥᠨ ᠮᠥᠨ ᠥᠪᠡᠷ ᠲᠠᠢ ᠮᠢᠨᠢ ᠠᠳᠠᠯᠢ ᠵᠣᠪᠠᠵᠤ | ᠭᠠᠰᠠᠯᠤᠨ᠎ᠠ᠃ ᠳᠡᠭᠡᠭᠦ ᠪᠠᠷ ᠢᠶᠠᠨ ᠪᠠᠶᠢᠴᠢᠬᠠᠶ᠎ᠠ᠃ ᠪᠤᠰᠤᠳ ᠢ ᠵᠣᠪᠠᠭᠠᠵᠤ ᠶᠠᠭᠤ ᠬᠢᠨ᠎ᠡ᠃ ᠬᠤᠶᠠᠷ ᠡᠳᠦᠷ ᠵᠦᠭᠡᠷ | ᠵᠦᠳᠡᠷᠡᠭᠰᠡᠨ ᠢᠶᠠᠷ ᠪᠤᠳᠤᠴᠢᠬᠠᠶᠠ ᠭᠡᠵᠦ ᠪᠠᠶᠢᠨ᠎ᠠ᠃ | ᠶᠠᠭ ᠡᠨᠡ ᠦᠶ᠎ᠡ ᠳᠤ ᠨᠣᠭᠤᠭ᠎ᠠ ᠰᠣᠩᠭᠤᠵᠤ ᠵᠣᠭᠰᠣᠭᠰᠠᠨ ᠸᠠᠩ ᠡᠭᠡᠴᠢ ᠬᠥᠭᠰᠢᠨ ᠤ ᠦᠭᠡ ᠶᠢ | ᠰᠣᠨᠣᠰᠤᠭᠠᠳ ᠮᠠᠰᠢ ᠲᠤᠬᠳᠤᠯᠤᠬᠰᠠᠨ ᠶᠤᠮ ᠭᠡᠨ᠎ᠡ᠃ | - ᠴᠢ ᠪᠤᠳᠤᠯ ᠳ᠋ᠠ᠃ ᠲᠡᠷᠡ ᠬᠥᠮᠥᠨ ᠬᠡᠳᠦᠢ ᠰᠠᠶᠢᠨ ᠬᠥᠮᠥᠨ ᠪᠤᠢ᠃ ᠥᠪᠡᠷ ᠢᠶᠠᠨ ᠬᠤᠬᠢᠷᠠᠪᠠᠴᠤ | ᠥᠷᠥᠭᠡᠯ ᠤᠨ ᠲᠥᠯᠥᠭᠡ ᠪᠣᠳᠣᠯᠬᠢᠯᠠᠵᠤ ᠪᠠᠶᠢᠨ᠎ᠠ᠃ ᠡᠶᠢᠮᠦ ᠨᠢᠭᠡ ᠵᠢᠭᠠᠬᠠᠨ ᠳᠡᠯᠭᠡᠭᠦᠷ ᠡᠳᠦᠷ ᠤᠨ ᠬᠡᠳᠦᠢ ᠯᠡ | ᠵᠣᠭᠤᠰ ᠣᠯᠴᠢᠬᠠᠨ᠎ᠠ ᠪᠤᠢ᠃ ᠲᠡᠷᠡ ᠡᠮᠦᠰᠴᠦ ᠵᠡᠭᠦᠵᠦ ᠪᠠᠶᠢᠬᠤ᠂ ᠲᠡᠷᠡ ᠭᠠᠷ ᠬᠤᠷᠤᠭᠤ ᠶᠢ ᠨᠢ ᠬᠠᠷ᠎ᠠ᠃ | ᠠᠷᠪᠢᠯᠠᠵᠤ ᠭᠠᠮᠨᠠᠵᠤ ᠳᠤᠲᠠᠵᠤ ᠳᠤᠨᠳᠠᠷᠠᠵᠤ ᠠᠮᠢᠳᠤᠷᠠᠵᠤ ᠢᠷᠡᠭᠰᠡᠨ ᠤ ᠬᠢᠨᠢ ᠭᠡᠷᠡᠴᠢ ᠰᠢᠤ᠃ ᠭᠡᠲᠡᠯ᠎ᠡ ᠠᠷᠢᠭᠤᠨ | ᠰᠡᠳᠬᠢᠯ ᠢᠶᠠᠨ ᠵᠣᠪᠠᠯ ᠵᠦᠳᠡᠭᠦᠷᠢ᠂ ᠶᠠᠳᠠᠭᠤ ᠬᠤᠭᠤᠰᠤᠨ ᠵᠡᠷᠭᠡ ᠠᠷᠭᠠᠴᠠᠭ᠎ᠠ ᠦᠭᠡᠢ ᠠᠮᠢᠳᠤᠷᠠᠯ ᠳᠠᠭᠠᠨ | ᠪᠤᠯᠢᠶᠠᠭᠳᠠᠴᠢᠬᠠᠭᠠ ᠦᠭᠡᠢ᠂ ᠬᠡᠪ ᠢᠶᠠᠷ ᠨᠢ ᠦᠯᠡᠳᠡᠭᠡᠭᠰᠡᠭᠡᠷ᠃ ᠡᠨᠡ ᠨᠢ ᠯᠡ ᠬᠥᠮᠥᠨ ᠢ ᠳᠣᠭᠳᠣᠯᠤᠭᠤᠯᠬᠤ ᠶᠤᠮ᠃ | ᠬᠥᠮᠥᠨ ᠢ ᠵᠣᠭᠤᠰ ᠲᠠᠢ ᠤᠤ ᠵᠣᠭᠤᠰ ᠦᠭᠡᠢ ᠤᠤ᠂ ᠴᠢᠳᠠᠪᠤᠷᠢ ᠲᠠᠢ ᠤᠤ ᠴᠢᠳᠠᠪᠤᠷᠢ ᠦᠭᠡᠢ ᠤᠤ ᠭᠡᠳᠡᠭ ᠢᠶᠠᠷ ᠨᠢ | ᠬᠡᠮᠵᠢᠶᠡᠯᠡᠳᠡᠭ ᠦᠭᠡᠢ᠃ ᠬᠠᠷᠢᠨ ᠶᠠᠳᠠᠭᠤ ᠴᠦ ᠪᠠᠢ᠂ ᠪᠠᠶᠠᠨ ᠴᠦ ᠪᠣᠯᠤᠭ᠂ ᠤᠭ ᠢᠶᠠᠨ ᠮᠠᠷᠲᠠᠬᠤ᠂ ᠬᠥᠮᠥᠨ | ᠴᠢᠨᠠᠷ ᠢᠶᠠᠨ ᠨᠡᠶᠢᠭᠡᠮ ᠴᠠᠭ ᠤᠨ ᠰᠠᠯᠬᠢᠨ ᠳᠤ ᠬᠡᠶᠢᠰᠬᠡᠭᠡ ᠦᠭᠡᠢ ᠯᠡ ᠬᠥᠮᠥᠨ ᠴᠢᠨᠢ ᠵᠢᠩᠬᠢᠨᠢ ᠬᠥᠮᠥᠨ ᠮᠥᠰᠥ ᠲᠠᠢ | ᠬᠥᠮᠥᠨ ᠰᠢᠦ᠃ ᠲᠡᠷᠡ ᠤᠴᠢᠷ ᠠᠴᠠ ᠡᠬᠢᠯᠡᠭᠡᠳ ᠪᠢ ᠳᠠᠩᠳᠠ ᠡᠨᠡ ᠬᠥᠭᠰᠢᠨ ᠠᠴᠠ ᠨᠣᠭᠤᠭ᠎ᠠ ᠬᠤᠳᠠᠯᠳᠤᠨ | ᠠᠪᠤᠨ᠎ᠠ᠃ ᠬᠠᠶᠠ ᠳᠠᠭᠠᠨ ᠨᠣᠭᠤᠭ᠎ᠠ ᠪᠠᠨ ᠳᠡᠯᠭᠡᠭᠡ ᠦᠭᠡᠢ ᠪᠠᠶᠢᠭᠰᠠᠨ ᠴᠦ ᠪᠢ ᠳᠡᠯᠭᠡᠬᠦ ᠶᠢ ᠨᠢ ᠬᠦᠯᠢᠶᠡᠵᠦ | ᠵᠣᠭᠰᠣᠵᠤ ᠪᠠᠶᠢᠭᠠᠳ ᠠᠪᠳᠠᠭ᠃ ᠬᠥᠭᠰᠢᠨ ᠠᠳᠡ ᠨᠣᠭᠤᠭ᠎ᠠ ᠪᠠᠨ ᠬᠤᠳᠠᠯᠳᠤᠵᠤ ᠯᠡ ᠪᠠᠶᠢᠭ᠎ᠠ ᠴᠠᠭ ᠲᠤ ᠪᠢ ᠵᠠᠪᠠᠯ | ᠲᠡᠭᠦᠨ ᠠᠴᠠ ᠯᠡ ᠨᠣᠭᠤᠭ᠎ᠠ ᠶᠢ ᠨᠢ ᠠᠪᠤᠨ᠎ᠠ᠃ ᠶᠠᠷᠢᠶᠠᠨ ᠦᠭᠡᠢ ᠬᠥᠭᠰᠢᠨ ᠡᠨᠡ ᠤᠴᠢᠷ ᠢ ᠮᠡᠳᠡᠬᠦ ᠦᠭᠡᠢ ᠰᠢᠳᠡ᠃ | ᠨᠠᠮ᠎ᠠ ᠶᠢ ᠴᠦ ᠲᠠᠨᠢᠬᠤ ᠴᠦ ᠪᠢᠰᠢ ᠳ᠋ᠠ᠃ ᠮᠢᠨᠤ ᠡᠨᠡ ᠬᠢᠳᠡᠯ ᠬᠡᠳᠦ᠋ᠢᠪᠡᠷ ᠥᠴᠥᠬᠡᠨ ᠪᠤᠯᠪᠠᠴᠤ ᠪᠢ ᠪᠠᠶᠠᠷᠲᠠᠢ | ᠪᠠᠶᠢᠳᠠᠭ᠃ | ᠦᠷᠭᠦᠢ ᠴᠠᠭᠠᠨ ᠴᠠᠰᠤᠨ ᠤ ᠳᠤᠮᠳᠠ ᠡᠶᠢᠮᠦ ᠦᠯᠢᠭᠡᠷ ᠰᠣᠨᠣᠰᠴᠤ᠂ ᠰᠡᠳᠬᠢᠯ ᠮᠢᠨᠢ ᠰᠠᠶ᠋ᠢ ᠶᠢᠨ ᠴᠠᠰᠤ | ᠮᠡᠲᠦ ᠤᠶᠠᠷᠠᠨ ᠬᠠᠶᠢᠯᠵᠤ ᠪᠢᠯᠡ᠃ | ᠪᠢ ᠸᠠᠩ ᠡᠭᠡᠴᠢ ᠶᠢᠨ ᠬᠠᠵᠠᠭᠤ ᠳᠤ ᠲᠡᠷᠭᠡᠨ ᠴᠣᠩᠬᠤ ᠪᠠᠷ ᠵᠡᠭᠡᠯᠢ ᠶᠢᠨ ᠴᠠᠰᠤ ᠬᠠᠷᠠᠵᠤ ᠨᠠᠮ ᠳᠤᠭᠤᠢ | ᠰᠠᠭᠤᠯ᠎ᠠ᠃ ᠠᠰᠠᠷ ᠲᠠᠭᠲᠤ᠂ ᠵᠡᠭᠡᠯᠢ ᠭᠤᠳᠤᠮᠵᠢ᠂ ᠤᠷᠭᠤᠭ᠎ᠠ ᠮᠣᠳᠣᠳ ᠁ ᠴᠠᠰᠤᠨ ᠳᠤ ᠬᠤᠴᠢᠭᠳᠠᠭᠰᠠᠭᠠᠷ᠃ | ᠴᠠᠰᠤᠨ ᠳᠤ ᠠᠷᠢᠭᠤᠰᠤᠬᠰᠠᠭᠠᠷ᠃ | ᠪᠢ ᠳᠠᠭᠢᠭᠠᠳ ᠸᠠᠩ ᠡᠭᠡᠴᠢ ᠶᠢ ᠬᠠᠷᠠᠪᠠ᠃ ᠪᠤᠭᠤᠷᠤᠯ ᠭᠡᠵᠢᠭᠡ ᠲᠠᠢ ᠪᠦᠰᠡᠭᠦᠢ᠃ | - ᠡᠭᠡᠴᠢ ᠠ᠋᠂ ᠴᠢ ᠰᠠᠶᠢᠬᠠᠨ ᠬᠥᠮᠥᠨ ᠰᠢᠤ ᠭᠡᠬᠦ ᠳᠤ᠂ | - ᠶᠠᠭᠤᠨ ᠰᠠᠶᠢᠬᠠᠨ ᠶᠤᠮ︖ ᠵᠠᠯᠠᠭᠤ ᠳᠠᠭᠠᠨ ᠴᠦ ᠰᠠᠶᠢᠬᠠᠨ ᠪᠠᠶᠢᠵᠤ ᠦᠵᠡᠭᠡ ᠦᠭᠡᠢ᠃ ᠤᠳᠤ ᠨᠡᠩ | ᠬᠥᠭᠰᠢᠨ ᠰᠠᠮᠠᠭᠠᠨ ᠨᠢᠭᠡ ᠁ ᠭᠡᠪᠡ᠃ | - ᠪᠢ ᠴᠦ ᠡᠨᠡ ᠬᠥᠭᠰᠢᠨ ᠤ ᠨᠣᠭᠤᠭ᠎ᠠ ᠶᠢ ᠬᠤᠳᠠᠯᠳᠤᠨ ᠠᠪᠬᠤ ᠶᠢ ᠳᠤᠷᠠᠯᠠᠴᠢᠬᠠᠯᠠ ᠭᠡᠬᠦ ᠳᠤ ᠸᠠᠩ ᠡᠭᠡᠴᠢ | ᠬᠠᠭ᠋ᠠᠵᠤ ᠴᠠᠴᠠᠲᠠᠯᠠ ᠪᠠᠨ ᠢᠨᠢᠶᠡᠵᠦ ᠪᠢᠯᠡ᠃ ᠰᠡᠳᠬᠢᠯ ᠨᠢ ᠥᠶᠥᠭ᠂ ᠲᠠᠪᠠᠲᠠᠢ᠂ ᠲᠤᠩᠭᠠᠯᠠᠭ ᠬᠥᠮᠥᠰ ᠨᠡᠶᠢᠭᠡᠮ | ᠶᠢᠷᠲᠢᠨᠴᠦ ᠶᠢ ᠵᠥᠪ ᠰᠠᠶᠢᠬᠠᠨ ᠬᠠᠶᠢᠷᠠᠯᠠᠵᠤ ᠴᠢᠳᠠᠨ᠎ᠠ᠂ ᠠᠷᠢᠭᠤᠰᠬᠠᠵᠤ ᠴᠢᠳᠠᠨ᠎ᠠ᠃ | ᠡᠷᠬᠢᠮ ᠲᠠ ᠨᠣᠭᠤᠭ᠎ᠠ ᠬᠤᠳᠠᠯᠳᠤᠭᠴᠢ ᠬᠥᠭᠰᠢᠨ ᠰᠢᠭ᠂ ᠡᠰᠡᠬᠦᠯ᠎ᠡ ᠸᠠᠩ ᠡᠭᠡᠴᠢ ᠰᠢᠭ ᠲᠡᠶᠢᠮᠤ ᠵᠢᠵᠢᠭᠬᠡᠨ | ᠬᠢᠳᠡᠯ ᠶᠠᠪᠤᠳᠠᠯ ᠢᠶᠠᠷ ᠬᠥᠮᠥᠨ ᠤ ᠰᠠᠶᠢᠬᠠᠨ ᠬᠠᠶᠢᠷ᠎ᠠ ᠶᠢ ᠦᠷᠭᠦᠯᠵᠢᠯᠡᠭᠦᠯᠵᠦ ᠪᠠᠶᠢᠭᠰᠠᠨ ᠤᠤ︖ ᠰᠠᠶᠢᠬᠠᠨ | ᠰᠡᠳᠬᠢᠯ ᠤᠨ ᠰᠡᠷᠵᠢᠮ ᠢᠶᠠᠨ ᠡᠷᠭᠦᠵᠦ ᠪᠥᠮᠪᠥᠷᠴᠡᠭ ᠢᠶᠠᠨ ᠪᠦᠪᠠᠶᠢᠯᠡᠵᠦ ᠰᠠᠭᠤᠭ᠎ᠠ ᠬᠡᠨ ᠨᠢᠭᠡ ᠨᠢ ᠲᠠ ᠪᠠᠶᠢᠭ᠎ᠠ ᠤᠤ᠃ | ᠲᠡᠶᠢᠮᠤ ᠯᠡ ᠪᠠᠶᠢᠬᠤ ᠶᠣᠰᠣᠲᠠᠢ ᠭᠡᠵᠦ ᠠᠩᠬᠠᠨ ᠤ ᠴᠠᠰᠤ ᠰᠢᠪᠡᠨᠡᠨ ᠪᠤᠳᠠᠷᠠᠨᠠ᠃ | ᠢᠷᠡᠯᠳᠡ᠄ ᠠᠷᠠᠳ ᠤᠨ ᠡᠳᠦᠷ ᠤᠨ ᠰᠤᠨᠢᠨ |