ᠲᠣᠭᠲᠠᠬᠤ ᠰᠢᠶᠠᠨ ᠠᠩᠬᠠᠳᠤᠭᠠᠷ ᠬᠤᠭᠤᠴᠠᠭᠠᠨ ᠤ ᠪᠠᠭᠠᠴᠤᠳ ᠬᠡᠦᠬᠡᠳ ᠤᠨ ᠰᠢᠨᠵᠢᠯᠡᠬᠦ ᠤᠬᠠᠭᠠᠨ ᠢ ᠲᠦᠭᠡᠮᠡᠯᠵᠢᠯᠳᠡ ᠶᠢᠨ ᠤᠷᠤᠯᠳᠤᠭᠠᠨ ᠶᠠᠪᠤᠭᠤᠯᠪᠠ
ᠨᠡᠶᠢᠲᠡᠯᠡᠭᠰᠡᠨ ᠴᠠᠭ᠄
2024/6/24
      6 ᠳ᠋ᠤᠭᠠᠷ ᠰᠠᠷ᠎ᠠ ᠶᠢᠨ 22 ᠤᠨ ᠡᠳᠦᠷ᠂ ᠲᠣᠭᠲᠠᠬᠤ ᠰᠢᠶᠠᠨ ᠤ ᠠᠩᠬᠠᠳᠤᠭᠠᠷ ᠬᠤᠭᠤᠴᠠᠭᠠᠨ ᠤ ᠪᠠᠭᠠᠴᠤᠳ ᠬᠡᠦᠬᠡᠳ ᠤᠨ ᠰᠢᠨᠵᠢᠯᠡᠬᠦ ᠤᠬᠠᠭᠠᠨ ᠢ ᠲᠦᠭᠡᠮᠡᠯᠵᠢᠯᠳᠡ ᠶᠢᠨ ᠤᠷᠤᠯᠳᠤᠭᠠᠨ ᠰᠢᠶᠠᠨ ᠤ ᠵᠠᠯᠠᠭᠤᠴᠤᠳ ᠪᠠᠭᠠᠴᠤᠳ ᠤᠨ ᠣᠷᠳᠣᠨ ᠳᠤ ᠶᠠᠪᠤᠭᠳᠠᠪᠠ᠃ ᠲᠤᠰ ᠬᠤᠭᠤᠴᠠᠭᠠᠨ ᠤ ᠰᠢᠨᠵᠢᠯᠡᠬᠦ ᠤᠬᠠᠭᠠᠨ ᠲᠦᠭᠡᠮᠡᠯᠵᠢᠯᠳᠡ ᠶᠢᠨ ᠤᠷᠤᠯᠳᠤᠭᠠᠨ ᠨᠢ ︽ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠰᠢᠨ᠎ᠡ ᠴᠠᠭ ᠦᠶ᠎ᠡ︾ ᠭᠡᠬᠦ ᠭᠤᠣᠯ ᠰᠡᠳᠦᠪ ᠲᠠᠢ ᠶᠠᠪᠤᠭᠳᠠᠵᠠᠢ᠃ ᠤᠷᠤᠯᠳᠤᠭᠠᠨ ᠨᠢ ᠪᠦᠬᠦ ᠰᠢᠶᠠᠨ ᠤ 7 - 12 ᠨᠠᠰᠤᠨ ᠤ ᠪᠠᠭᠠᠴᠤᠳ ᠲᠤ ᠬᠠᠨᠳᠤᠭᠤᠯᠵᠤ᠂ ᠡᠭᠦᠨ ᠳᠤ ᠰᠢᠨᠵᠢᠯᠡᠬᠦ ᠤᠬᠠᠭᠠᠨ ᠤ ᠬᠡᠢ ᠪᠣᠳᠣᠯ ᠤᠨ ᠵᠣᠬᠢᠶᠠᠯ᠂ ᠰᠢᠨᠵᠢᠯᠡᠬᠦ ᠤᠬᠠᠭᠠᠨ ᠤ ᠬᠡᠢ ᠪᠣᠳᠣᠯ ᠤᠨ ᠵᠢᠷᠤᠭ᠂ ᠵᠢᠯᠣᠭᠤᠴᠢ ᠦᠭᠡᠢ ᠨᠢᠰᠬᠡᠯ ᠤᠨ ᠬᠠᠷᠰᠢ ᠰᠠᠭᠠᠳ ᠢ ᠳᠠᠪᠠᠭ᠋ᠤ ᠤᠷᠤᠯᠳᠤᠭᠠᠨ ᠤ ᠤᠷᠤᠯᠳᠤᠭᠠᠨ᠂ ᠵᠢᠵᠢᠭ ᠮᠥᠬᠦᠯᠢᠭᠲᠦ ᠪᠦᠲᠦᠭᠡᠯᠴᠢ ᠪᠠᠷ ᠳᠡᠰ ᠠᠴᠠ ᠳᠠᠪᠠᠭᠰᠠᠨ ᠲᠡᠭᠡᠭᠡᠪᠦᠷᠢ ᠶᠢᠨ ᠤᠷᠤᠯᠳᠤᠭᠠᠨ᠂ ᠪᠦᠲᠦᠭᠡᠯᠴᠢ ᠲᠥᠰᠥᠪᠯᠡᠯ ᠤᠨ ᠫᠷᠤᠭ᠍ᠷᠠᠮ ᠨᠠᠶᠢᠷᠠᠭᠤᠯᠬᠤ ᠤᠷᠤᠯᠳᠤᠭᠠᠨ ᠵᠡᠷᠭᠡ ᠲᠠᠪᠤᠨ ᠶᠡᠭᠡ ᠤᠷᠤᠯᠳᠤᠭᠠᠨ ᠤ ᠵᠦᠢᠯ᠂ ᠤᠷᠤᠯᠳᠤᠭᠠᠨ ᠳᠤ ᠣᠷᠣᠯᠴᠠᠭᠴᠢ 420 ᠨᠡᠷᠡᠰ ᠪᠠᠶᠢᠨ᠎ᠠ᠂ ᠲᠤᠭᠳᠠᠬᠤ ᠰᠢᠶᠠᠨ ᠤ ᠰᠢᠢᠳᠪᠦᠷᠢᠲᠦ ᠤᠷᠤᠯᠳᠤᠭᠠᠨ ᠤ ᠰᠢᠯᠢᠳᠡᠭ ᠣᠷᠣᠯᠴᠠᠭᠴᠢ ᠬᠥᠬᠡᠬᠤᠲᠠ ᠶᠢᠨ ᠲᠠᠪᠤᠳᠤᠭᠠᠷ ᠬᠤᠭᠤᠴᠠᠭᠠᠨ ᠤ ᠪᠠᠭᠠᠴᠤᠳ ᠬᠡᠦᠬᠡᠳ ᠤᠨ ᠰᠢᠨᠵᠢᠯᠡᠬᠦ ᠤᠬᠠᠭᠠᠨ ᠲᠦᠭᠡᠮᠡᠯᠵᠢᠯᠳᠡ ᠶᠢᠨ ᠤᠷᠤᠯᠳᠤᠭᠠᠨ ᠤ ᠰᠢᠢᠳᠪᠦᠷᠢᠲᠦ ᠤᠷᠤᠯᠳᠤᠭᠠᠨ ᠳᠤ ᠣᠷᠣᠯᠴᠠᠬᠤ ᠪᠣᠯᠤᠨ᠎ᠠ᠃      ᠤᠷᠤᠯᠳᠤᠭᠠᠨ ᠤ ᠲᠤᠬᠠᠶ ᠶᠢᠨ ᠲᠠᠯᠠᠪᠤᠷ ᠲᠤ᠂ ᠬᠡᠦᠬᠡᠳ ᠤᠳ ᠪᠦᠲᠦᠭᠡᠯᠴᠢ ᠰᠡᠳᠬᠢᠬᠦᠶ ᠪᠠ ᠪᠦᠲᠦᠭᠡᠯᠴᠢ ᠰᠡᠳᠬᠢᠮᠵᠢ ᠶᠢ ᠬᠡᠷᠡᠭᠯᠡᠨ᠂ ᠰᠣᠨᠢᠷᠬᠠᠯᠲᠤ ᠴᠢᠨᠠᠷ ᠪᠠ ᠬᠡᠷᠡᠭᠯᠡᠭᠡᠨ ᠤ ᠴᠢᠨᠠᠷ ᠬᠤᠤᠰᠯᠠᠭᠰᠠᠨ ᠵᠢᠵᠢᠭ ᠫᠷᠤᠭ᠍ᠷᠠᠮ ᠢ ᠨᠠᠶᠢᠷᠠᠭᠤᠯᠤᠨ ᠪᠢᠴᠢᠵᠦ᠂ ᠫᠷᠤᠭ᠍ᠷᠠᠮ ᠨᠠᠶᠢᠷᠠᠭᠤᠯᠬᠤ ᠴᠢᠳᠠᠪᠤᠷᠢ ᠶᠢ ᠪᠣᠯᠪᠠᠰᠤᠷᠠᠭᠤᠯᠬᠤ ᠶᠢᠨ ᠬᠠᠮᠲᠤ ᠪᠦᠲᠦᠭᠡᠯᠴᠢ ᠴᠢᠳᠠᠪᠤᠷᠢ ᠪᠠ ᠰᠡᠳᠬᠢᠨ ᠪᠤᠳᠤᠬᠤ ᠴᠢᠳᠠᠪᠤᠷᠢ ᠶᠢ ᠬᠥᠭᠵᠢᠭᠡᠪᠡ᠃ ᠵᠢᠯᠣᠭᠤᠴᠢ ᠦᠭᠡᠢ ᠨᠢᠰᠭᠡᠯ ᠤᠨ ᠰᠠᠭᠠᠳ ᠳᠠᠪᠠᠭ᠋ᠤ ᠴᠣᠬᠢᠯᠲᠠ ᠥᠭᠬᠦ ᠤᠷᠤᠯᠳᠤᠭᠠᠨ ᠨᠢ ᠬᠡᠦᠬᠡᠳ ᠤᠨ ᠵᠣᠬᠢᠴᠠᠭᠤᠯᠬᠤ ᠴᠢᠳᠠᠪᠤᠷᠢ ᠶᠢ ᠰᠢᠯᠭᠠᠵᠦ᠂ ᠲᠡᠳᠡᠨ ᠳᠤ ᠰᠢᠨᠵᠢᠯᠡᠬᠦ ᠤᠬᠠᠭᠠᠨ ᠮᠡᠷᠭᠡᠵᠢᠯ ᠤᠨ ᠲᠠᠲᠠᠬᠤ ᠬᠦᠴᠦᠨ ᠢ ᠤᠷᠠᠯᠢᠭ ᠢᠶᠠᠷ ᠠᠭᠤᠯᠪᠠ᠃ ᠵᠢᠵᠢᠭ ᠮᠥᠬᠦᠯᠢᠭᠲᠦ ᠡᠭᠦᠳᠦᠯᠲᠡ ᠶᠢ ᠡᠭᠦᠳᠦᠨ ᠪᠠᠶᠢᠭᠤᠯᠬᠤ ᠤᠷᠤᠯᠳᠤᠭᠠᠨ ᠳᠤ ᠬᠡᠦᠬᠡᠳ ᠤᠳ ᠲᠦᠷᠰᠦᠯᠡᠨ ᠪᠣᠳᠣᠬᠤ ᠴᠢᠳᠠᠪᠤᠷᠢ ᠪᠠᠨ ᠪᠠᠳᠠᠷᠠᠭᠤᠯᠵᠤ᠂ ᠪᠦᠲᠦᠭᠡᠯᠴᠢ ᠪᠣᠳᠣᠯ ᠢᠶᠠᠷ ᠲᠡᠭᠦᠯᠳᠡᠷ ᠲᠡᠭᠡᠭᠡᠪᠦᠷᠢ ᠶᠢᠨ ᠪᠠᠭᠠᠵᠢ ᠬᠡᠷᠡᠭᠰᠡᠯ ᠢᠶᠠᠨ ᠪᠠᠶᠢᠭᠤᠯᠵᠤ᠂ ᠲᠡᠳᠡᠨ ᠤ ᠪᠦᠲᠦᠭᠡᠯᠴᠢ ᠴᠢᠳᠠᠪᠤᠷᠢ ᠪᠠ ᠭᠠᠷ ᠬᠥᠳᠡᠯᠬᠦ ᠴᠢᠳᠠᠪᠤᠷᠢ ᠪᠠᠨ ᠢᠯᠡᠷᠡᠭᠦᠯᠪᠡ᠃ ᠰᠢᠨᠵᠢᠯᠡᠬᠦ ᠤᠬᠠᠭᠠᠨ ᠤ ᠬᠡᠢ ᠪᠣᠳᠣᠯ ᠤᠨ ᠵᠣᠬᠢᠶᠠᠯ ᠪᠣᠯᠤᠨ ᠰᠢᠨᠵᠢᠯᠡᠬᠦ ᠤᠬᠠᠭᠠᠨ ᠤ ᠬᠡᠢ ᠪᠣᠳᠣᠯ ᠤᠨ ᠵᠢᠷᠤᠭ ᠨᠢ ᠨᠡᠩ ᠴᠤ ᠲᠡᠳᠡᠨ ᠤ ᠢᠷᠡᠭᠡᠳᠦᠢ ᠶᠢᠨ ᠰᠢᠨᠵᠢᠯᠡᠬᠦ ᠤᠬᠠᠭᠠᠨ ᠲᠧᠭᠨᠣᠯᠣᠭᠢ ᠶᠢᠨ ᠲᠤᠬᠠᠢ ᠬᠢᠵᠠᠭᠠᠯᠠᠰᠢ ᠦᠭᠡᠢ ᠬᠦᠰᠡᠯ ᠵᠣᠷᠢᠯᠲᠠ ᠶᠢ ᠬᠥᠭᠵᠢᠭᠡᠭᠰᠡᠨ ᠶᠤᠮ᠃      ︽ᠲᠤᠰ ᠤᠳᠠᠭᠠᠨ ᠤ ᠰᠢᠨᠵᠢᠯᠡᠬᠦ ᠤᠬᠠᠭᠠᠨ ᠲᠦᠭᠡᠮᠡᠯᠵᠢᠯᠳᠡ ᠶᠢᠨ ᠤᠷᠤᠯᠳᠤᠭᠠᠨ ᠨᠢ ᠡᠯᠪᠡᠭ ᠪᠠᠶᠠᠯᠢᠭ ᠠᠭᠤᠯᠭ᠎ᠠ ᠲᠠᠢ᠂ ᠳᠤᠷ᠎ᠠ ᠰᠣᠨᠢᠷᠬᠠᠯ ᠲᠠᠢ ᠤᠷᠤᠯᠳᠤᠭᠠᠨ ᠤ ᠬᠡᠯᠪᠡᠷᠢ ᠪᠠᠷ ᠳᠠᠮᠵᠢᠭᠤᠯᠤᠨ᠂ ᠪᠠᠭᠠᠴᠤᠳ ᠬᠡᠤᠬᠡᠳ ᠲᠤ ᠰᠢᠨᠵᠢᠯᠡᠬᠦ ᠤᠬᠠᠭᠠᠨ ᠤ ᠷᠢᠳᠢ ᠰᠢᠳᠢ ᠶᠢ ᠮᠡᠳᠡᠷᠡᠭᠦᠯᠵᠦ᠂ ᠲᠡᠳᠡᠨ ᠤ ᠰᠢᠨᠵᠢᠯᠡᠬᠦ ᠤᠬᠠᠭᠠᠨ ᠤ ᠬᠡᠪ ᠪᠣᠯᠪᠠᠰᠤᠷᠠᠯ ᠢ ᠳᠡᠭᠡᠭᠰᠢᠯᠡᠭᠦᠯᠦᠨ᠂ ᠲᠡᠳᠡᠨ ᠤ ᠰᠢᠨᠵᠢᠯᠡᠬᠦ ᠤᠬᠠᠭᠠᠨ ᠢ ᠬᠠᠶᠢᠷᠠᠯᠠᠬᠤ ᠪᠠ ᠬᠠᠶᠢᠨ ᠰᠦᠪᠡᠭᠴᠢᠯᠡᠬᠦ ᠵᠣᠷᠢᠭ ᠰᠠᠨᠠᠭ᠎ᠠ ᠶᠢ ᠬᠥᠮᠦᠵᠢᠭᠦᠯᠵᠦ᠂ ᠲᠡᠳᠡᠨ ᠤ ᠪᠦᠲᠦᠭᠡᠯᠴᠢ ᠴᠢᠳᠠᠪᠤᠷᠢ ᠪᠠ ᠰᠡᠳᠬᠢᠨ ᠪᠤᠳᠤᠬᠤ ᠴᠢᠳᠠᠪᠤᠷᠢ ᠶᠢ ᠬᠥᠭᠵᠢᠭᠡᠬᠦ ᠶᠢᠨ ᠲᠥᠯᠥᠭᠡ ᠶᠤᠮ︾ ᠭᠡᠵᠤ ᠲᠣᠭᠲᠠᠬᠤ ᠰᠢᠶᠠᠨ ᠤ ᠵᠠᠯᠠᠭᠤᠴᠤᠳ ᠪᠠᠭᠠᠴᠤᠳ ᠤᠨ ᠣᠷᠳᠣᠨ ᠤ ᠡᠷᠬᠢᠯᠡᠭᠴᠢ ᠴᠢᠨ ᠢᠦᠢ ᠯᠠᠨ ᠬᠡᠯᠡᠵᠡᠢ᠃ᠢᠷᠡᠯᠳᠡ᠄ ᠲᠣᠭᠲᠠᠬᠤ ᠰᠢᠶᠠᠨ ᠤ ᠬᠠᠮ ᠵᠠᠭᠤᠴᠢᠯᠠᠭᠤᠷ ᠤᠨ ᠲᠥᠪ ᠶᠦᠨ ᠵᠦᠩ ᠬᠠᠮ ᠵᠠᠭᠤᠴᠢᠯᠠᠭᠤᠷ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1