ᠬᠡᠷᠪᠡ ᠪᠠᠷᠢᠯᠭ᠎ᠠ ᠨᠤᠷᠠᠵᠤ ᠶᠡᠭᠦᠷᠡᠪᠡᠯ ᠬᠡᠷᠬᠢᠨ ᠠᠶᠤᠯ ᠠᠴᠠ ᠵᠠᠶᠢᠯᠠᠬᠤ ᠪᠤᠢ︖ | ᠬᠡᠷᠪᠡ ᠪᠤᠯᠠᠭᠳᠠᠪᠠᠯ ᠬᠡᠷᠬᠢᠨ ᠥᠪᠡᠷ ᠢ ᠪᠠᠨ ᠠᠪᠤᠷᠠᠬᠤ ᠪᠤᠢ︖ | ᠡᠳᠡᠭᠡᠷ ᠠᠮᠤᠷ ᠲᠦᠪᠰᠢᠨ ᠤ ᠮᠡᠳᠡᠯᠭᠡ ᠶᠢ ᠮᠡᠳᠡᠬᠦ ᠴᠢᠬᠤᠯᠠᠳᠠᠢ︕ | ᠨᠢᠭᠡ᠂ ᠪᠠᠷᠢᠯᠭ᠎ᠠ ᠨᠤᠷᠠᠬᠤ ᠨᠢ ᠶᠠᠮᠠᠷ ᠶᠠᠮᠠᠷ ᠤᠷᠢᠳᠴᠢᠯᠠᠭᠰᠠᠨ ᠰᠢᠨᠵᠢ ᠲᠡᠮᠳᠡᠭ ᠪᠠᠶᠢᠬᠤ ᠪᠤᠢ︖ | 1.ᠭᠠᠵᠠᠷ ᠤᠨ ᠭᠠᠳᠠᠷᠭᠤ ᠭᠡᠨᠡᠳᠲᠡ ᠪᠠᠷ ᠳᠣᠷᠣᠭᠰᠢ ᠴᠥᠮᠥᠷᠡᠬᠦ᠂ ᠲᠦᠨᠳᠦᠶᠢᠬᠦ ᠪᠤᠶᠤ ᠠᠩ ᠴᠠᠪᠠ | ᠭᠡᠨᠡᠳᠲᠡ ᠶᠡᠬᠡᠳᠡᠬᠦ᠃ | 2.ᠲᠤᠯᠭᠠᠭᠤᠷᠢ᠂ ᠨᠢᠷᠤᠭᠤ᠂ ᠬᠠᠪᠲᠠᠰᠤ ᠪᠤᠶᠤ ᠬᠡᠷᠡᠮ ᠤᠨ ᠠᠩ ᠴᠠᠪᠠ ᠨᠣᠴᠢᠲᠠᠢ ᠬᠤᠪᠢᠷᠠᠯᠳᠠ ᠭᠠᠷᠬᠤ᠂ | ᠮᠦᠨᠴᠦ ᠦᠷᠭᠦᠯᠵᠢᠯᠡᠨ ᠶᠡᠬᠡᠳᠡᠬᠦ᠃ | 3. ᠲᠤᠯᠭᠠᠭᠤᠷᠢ᠂ ᠨᠢᠷᠣᠭᠤ᠂ ᠬᠠᠪᠳᠠᠰᠤ ᠪᠣᠶᠣ ᠬᠡᠷᠡᠮ ᠶᠡᠭᠡ ᠬᠤᠪᠢᠷᠠᠯᠳᠠ ᠭᠠᠷᠴᠦ᠂ ᠮᠤᠳᠤᠨ ᠪᠦᠳᠦᠴᠡ | ᠪᠤᠶᠤ ᠵᠠᠯᠭᠠᠳᠠᠰᠤ ᠶᠢᠨ ᠬᠡᠰᠡᠭ ᠲᠤ ᠬᠦᠨᠳᠦ ᠨᠣᠴᠢᠲᠠᠢ ᠢᠯᠵᠠᠷᠠᠨ ᠢᠳᠡᠭᠳᠡᠭᠰᠡᠨ ᠪᠣᠶᠣ ᠨᠢᠭᠡᠨᠲᠡ ᠢᠳᠡᠭᠳᠡᠭᠰᠡᠨ᠃ | 4. ᠬᠡᠷᠡᠮ ᠪᠤᠶᠤ ᠳᠡᠭᠡᠪᠦᠷ ᠤᠨ ᠭᠠᠳᠠᠷᠭᠤ ᠶᠢᠨ ᠳᠠᠪᠬᠤᠷᠭ᠎ᠠ ᠭᠡᠨᠡᠳᠲᠡ ᠶᠡᠭᠡ ᠬᠡᠪᠴᠢᠶ᠎ᠡ ᠪᠠᠷ ᠤᠨᠠᠬᠤ᠃ | 5. ᠭᠡᠷ ᠪᠠᠶᠢᠰᠢᠩ ᠭᠡᠨᠡᠳᠳᠡ ᠬᠡᠪ ᠤᠨ ᠪᠤᠰᠤ ᠳᠠᠭᠤᠨ ᠭᠠᠷᠬᠤ᠂ ᠳᠡᠯᠪᠡᠷᠡᠬᠦ ᠳᠠᠭᠤᠨ ᠭᠠᠷᠬᠤ ᠵᠡᠷᠭᠡ᠃ | ᠬᠤᠶᠠᠷ᠂ ᠪᠠᠷᠢᠯᠭ᠎ᠠ ᠶᠢᠨ ᠨᠤᠷᠠᠯᠲᠠ ᠲᠣᠬᠢᠶᠠᠯᠳᠤᠪᠠᠯ ᠶᠠᠭᠠᠬᠢᠵᠤ ᠠᠶᠤᠯ ᠠᠴᠠ ᠵᠠᠶᠢᠯᠠᠭᠤᠯᠬᠤ ᠪᠣᠶ︖ | ᠠᠷᠭ᠎ᠠ ᠮᠠᠶ᠋ᠢᠭ ᠲᠤᠬᠢᠷᠠᠮᠵᠢᠳᠠᠢ ᠪᠠᠶᠢᠬᠤ ᠬᠡᠷᠡᠭᠳᠡᠢ | ᠬᠤᠶᠠᠷ ᠭᠠᠷ ᠢᠶᠠᠷ ᠢᠶᠠᠨ ᠲᠣᠯᠣᠭᠠᠢ ᠪᠠᠨ ᠲᠡᠪᠡᠷᠢᠨ᠂ ᠨᠢᠭᠤᠷ ᠢᠶᠠᠨ ᠬᠠᠮᠠᠭᠠᠯᠠᠨ᠎ᠠ᠂ ᠤᠴᠤᠶᠢᠨ ᠰᠠᠭᠤᠵᠤ᠂ ᠬᠤᠶᠠᠷ | ᠡᠪᠦᠳᠦᠭ ᠢᠶᠠᠷ ᠨᠢᠭᠤᠷ ᠢᠶᠠᠨ ᠬᠠᠯᠬᠠᠯᠠᠵᠦ᠂ ᠠᠮᠢᠰᠭᠤᠭ᠎ᠠ ᠠᠪᠬᠤ ᠤᠷᠤᠨ ᠵᠠᠢ ᠲᠠᠢ ᠪᠤᠯᠭᠠᠨ᠎ᠠ᠃ | ᠬᠢᠴᠢᠶᠡᠮᠵᠢ ᠲᠠᠢ ᠰᠢᠯᠵᠢᠭᠦᠯᠬᠦ | ᠬᠢᠴᠢᠶᠡᠮᠵᠢ ᠲᠠᠢ ᠠᠯᠭᠤᠷᠬᠠᠨ ᠢᠶᠠᠷ ᠪᠡᠶ᠎ᠡ ᠪᠠᠨ ᠰᠢᠯᠵᠢᠭᠦᠯᠵᠦ᠂ ᠨᠡᠩ ᠶᠡᠭᠡ ᠪᠤᠳᠠᠰ ᠥᠪᠡᠷ ᠤᠨ ᠪᠡᠶ᠎ᠡ ᠳᠡᠭᠡᠷ᠎ᠡ | ᠤᠨᠠᠬᠤ ᠠᠴᠠ ᠰᠡᠷᠭᠡᠢᠯᠡᠨ᠎ᠡ᠃ | ᠭᠤᠷᠪᠠ᠂ ᠪᠤᠯᠠᠭᠳᠠᠭᠰᠠᠨ ᠤ ᠳᠠᠷᠠᠭ᠎ᠠ ᠬᠡᠷᠬᠢᠨ ᠥᠪᠡᠷ ᠢ ᠪᠠᠨ ᠠᠪᠤᠷᠠᠬᠤ ᠪᠣᠢ︖ | 1. ᠬᠢᠴᠢᠶᠡᠮᠵᠢ ᠲᠠᠢ ᠠᠯᠭᠤᠷᠬᠠᠨ ᠢᠶᠠᠷ ᠪᠡᠶ᠎ᠡ ᠪᠠᠨ ᠰᠢᠯᠵᠢᠭᠦᠯᠬᠦ ᠶᠢᠨ ᠬᠠᠮᠲᠤ ᠠᠯᠢ ᠴᠢᠳᠠᠬᠤ ᠪᠠᠷ ᠬᠠᠮᠠᠷ | ᠠᠮᠠ ᠪᠠᠨ ᠬᠠᠮᠠᠭᠠᠯᠠᠨ ᠲᠣᠭᠤᠰᠣᠨ ᠤ ᠪᠣᠬᠢᠷᠲᠤᠯ ᠢ ᠰᠡᠷᠭᠡᠶᠢᠯᠡᠨ᠎ᠡ᠃ | 2. ᠰᠤᠬᠤᠷ ᠪᠠᠯᠠᠢ ᠪᠠᠷ ᠶᠡᠬᠡᠪᠡᠷ ᠪᠠᠷᠬᠢᠷᠠᠬᠤ ᠬᠡᠷᠡᠭ ᠦᠭᠡᠢ᠂ ᠬᠤᠭᠤᠯᠠᠢ ᠲᠤᠤᠷ ᠵᠡᠷᠭᠡ ᠪᠤᠳᠠᠰ ᠢ ᠠᠰᠢᠭᠯᠠᠨ | ᠲᠤᠬᠢᠶ᠎ᠠ ᠦᠭᠭᠦᠪᠡᠯ ᠠᠪᠤᠷᠠᠨ ᠲᠤᠰᠠᠯᠠᠭᠴᠢ ᠨᠡᠩ ᠠᠮᠠᠷᠬᠠᠨ ᠮᠡᠳᠡᠨ᠎ᠡ᠃ | 3. ᠬᠡᠷᠪᠡ ᠬᠠᠰᠢᠭᠳᠠᠭᠰᠠᠨ ᠭᠠᠵᠠᠷ ᠨᠢ ᠭᠠᠵᠠᠷ ᠤᠨ ᠭᠠᠳᠠᠷᠭᠤ ᠲᠠᠢ ᠣᠶᠢᠷᠠᠳᠴᠤ ᠪᠠᠶᠢᠪᠠᠯ᠂ ᠠᠪᠤᠷᠠᠨ | ᠲᠤᠰᠯᠠᠬᠤ ᠬᠦᠮᠦᠰ ᠢᠷᠡᠬᠦ ᠦᠶ᠎ᠡ ᠳᠤ ᠶᠡᠭᠡ ᠳᠠᠭᠤᠨ ᠢᠶᠠᠷ ᠬᠠᠰᠬᠢᠷᠤᠨ᠎ᠠ᠃ | ᠲᠦᠷᠪᠡ᠂ ᠬᠠᠷᠢᠯᠴᠠᠨ ᠠᠪᠤᠷᠠᠬᠤ ᠠᠵᠢᠯ ᠢ ᠬᠡᠷᠬᠢᠨ ᠥᠷᠨᠢᠭᠦᠯᠬᠦ ᠪᠤᠢ︖ | 1. ᠠᠪᠤᠷᠠᠬᠤ ᠠᠴᠠ ᠡᠮᠦᠨ᠎ᠡ᠂ ᠲᠠᠩᠨᠠᠨ ᠰᠣᠨᠣᠰᠬᠤ᠂ ᠳᠠᠭᠤᠳᠠᠬᠤ᠂ ᠯᠠᠪᠯᠠᠨ ᠠᠰᠠᠭᠤᠬᠤ ᠵᠡᠷᠭᠡ ᠠᠷᠭ᠎ᠠ | ᠮᠠᠶ᠋ᠢᠭ ᠢᠶᠠᠷ ᠳᠠᠷᠤᠭᠳᠠᠭᠰᠠᠨ ᠬᠥᠮᠥᠰ ᠤᠨ ᠣᠷᠣᠨ ᠪᠠᠶᠢᠷᠢ ᠶᠢ ᠮᠠᠭᠠᠳᠯᠠᠬᠤ ᠬᠡᠷᠡᠭᠲᠡᠢ︔ | 2. ᠠᠪᠤᠷᠠᠬᠤ ᠶᠠᠪᠤᠴᠠ ᠳᠤ ᠬᠤᠷᠴᠠ ᠵᠡᠪᠰᠡᠭ ᠢᠶᠠᠷ ᠮᠠᠯᠲᠠᠵᠤ ᠪᠣᠯᠬᠤ ᠦᠭᠡᠶ᠃ ᠬᠡᠷᠪᠡ ᠰᠢᠷᠬ᠎ᠠ ᠭᠡᠳᠦ | ᠬᠦᠨᠳᠦ ᠠᠴᠠ ᠪᠤᠯᠵᠤ ᠦᠪᠡᠷ ᠢᠶᠠᠨ ᠭᠠᠷᠴᠤ ᠢᠷᠡᠵᠦ ᠲᠡᠶᠢᠯᠬᠦ ᠦᠭᠡᠢ ᠪᠤᠯ ᠶᠠᠭᠠᠷᠠᠵᠦ ᠪᠤᠯᠠᠬᠤ ᠦᠭᠡᠢ᠃ | ᠰᠢᠷᠬᠠᠲᠠᠨ ᠢ ᠬᠠᠪᠰᠤᠷᠠᠨ ᠲᠣᠯᠣᠭᠠᠢ ᠶᠢ ᠨᠢ ᠭᠠᠷᠭᠠᠵᠤ᠂ ᠠᠮᠠᠨ ᠬᠥᠨᠳᠡᠢ ᠪᠣᠯᠣᠨ ᠬᠠᠮᠠᠷ ᠤᠨ ᠬᠥᠨᠳᠡᠢ ᠳᠠᠬᠢ ᠬᠤᠭ | ᠲᠣᠭᠤᠰᠣ ᠶᠢ ᠠᠷᠢᠯᠭᠠᠭᠰᠠᠨ ᠤ ᠲᠠᠷᠠᠭ᠎ᠠ ᠴᠡᠭᠡᠵᠢᠨ ᠤ ᠬᠡᠰᠡᠭ ᠢ ᠮᠠᠯᠳᠠᠨ ᠭᠠᠷᠭᠠᠨ᠎ᠠ᠃ | 3. ᠲᠦᠷ ᠴᠠᠭ ᠠᠪᠤᠷᠠᠵᠤ ᠭᠠᠷᠭᠠᠬᠤ ᠶᠢᠨ ᠠᠷᠭ᠎ᠠ ᠦᠭᠡᠢ ᠰᠢᠷᠬᠠᠲᠠᠨ ᠢ ᠠᠯᠢ ᠴᠢᠳᠠᠬᠤ ᠪᠠᠷ ᠲᠡᠭᠦᠨ ᠤ | ᠣᠷᠣᠨ ᠵᠠᠶ ᠳᠤ ᠰᠠᠯᠬᠢ ᠨᠡᠪᠲᠡᠷᠡᠭᠦᠯᠵᠦ᠂ ᠰᠢᠷᠬᠠᠲᠤᠭᠰᠠᠳ ᠲᠤ ᠢᠳᠡᠭᠡᠨ ᠬᠦᠷᠭᠡᠵᠦ᠂ ᠴᠠᠭ ᠲᠣᠬᠢᠶᠠᠯ ᠢ ᠦᠵᠡᠨ | ᠳᠠᠬᠢᠨ ᠠᠪᠤᠷᠠᠨ᠎ᠠ᠃ | | ᠢᠷᠡᠯᠲᠡ᠄ ᠲᠥᠪ ᠲᠧᠯᠸᠢᠰ ᠤᠨ ᠰᠣᠨᠢᠨ ᠮᠡᠳᠡᠭᠡ | |