ᠰᠡᠶᠢᠯᠦᠮᠡᠯ ᠱᠠᠭᠠᠵᠠᠩ᠄ ᠱᠠᠭᠠᠵᠠᠩ ᠰᠠᠪᠠ ᠳᠡᠭᠡᠷᠡᠬᠢ ︽ᠬᠠᠳᠬᠤᠮᠠᠯ︾ ᠤᠨ ᠤᠷᠠᠯᠢᠭ
ᠨᠡᠶᠢᠲᠡᠯᠡᠭᠰᠡᠨ ᠴᠠᠭ᠄
2024/3/22
      ᠳᠤᠮᠳᠠᠳᠤ ᠶᠢᠨ ᠦᠨᠳᠦᠰᠦᠲᠡᠨ ᠢᠮᠠᠭᠲᠠ ᠪᠣᠳᠠᠰ ᠤᠨ ᠪᠣᠯᠪᠠᠰᠤᠨ᠂ ᠤᠶᠤᠨ ᠤ ᠪᠣᠯᠪᠠᠰᠤᠨ ᠪᠠ ᠤᠯᠤᠰ ᠲᠦᠷᠦ ᠶᠢᠨ ᠪᠣᠯᠪᠠᠰᠤᠨ ᠢᠶᠠᠨ ᠲᠠᠰᠤᠷᠠᠯᠳᠠ ᠦᠭᠡᠢ ᠰᠢᠨᠡᠴᠢᠯᠡᠨ ᠪᠦᠲᠦᠭᠡᠵᠦ᠂ ᠲᠡᠦᠬᠡ ᠶᠢᠨ ᠤᠷᠳᠤ ᠤᠳᠠᠭᠠᠨ ᠬᠤᠭᠤᠴᠠᠭᠠᠨ ᠳᠤ ᠬᠠᠮᠤᠭ ᠤᠨ ᠴᠡᠴᠡᠭᠯᠡᠨ ᠬᠥᠭᠵᠢᠭᠰᠡᠨ ᠬᠠᠮᠤᠭ ᠤᠨ ᠬᠦᠴᠦᠷᠬᠡᠭ ᠶᠡᠭᠡ ᠪᠣᠯᠪᠠᠰᠤᠨ ᠤ ᠴᠣᠭᠴᠠ ᠶᠢᠨ ᠬᠤᠪᠢ ᠪᠠᠷ ᠳᠡᠯᠡᠬᠡᠢ  ᠳ᠋ᠠᠬᠢᠨ᠎ᠠ ᠰᠡᠬᠦᠶᠢᠨ ᠰᠦᠨᠳᠡᠷᠯᠡᠪᠡ᠃          - ᠶᠡᠷᠦᠩᠬᠡᠢ ᠱᠦᠵᠢ ᠰᠢ ᠶᠢᠨ ᠫᠢᠩ ᠤᠨ ᠰᠣᠶᠣᠯ ᠤᠨ ᠤᠯᠠᠮᠵᠢᠯᠠᠯ ᠬᠥᠭᠵᠢᠯᠲᠡ ᠶᠢᠨ ᠶᠠᠷᠢᠯᠴᠠᠬᠤ ᠬᠤᠷᠠᠯ ᠳᠡᠭᠡᠷᠡᠬᠢ ᠶᠠᠷᠢᠶ᠎ᠠ ᠠᠴᠠ ︵2023 ᠣᠨ ᠤ 6 ᠰᠠᠷ᠎ᠠ ᠶᠢᠨ 2 ᠤᠨ ᠡᠳᠦᠷ︶      ᠥᠪᠡᠷᠲᠡᠭᠡᠨ ᠵᠠᠰᠠᠬᠤ ᠣᠷᠣᠨ ᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠪᠤᠯᠬᠤ ᠭᠦᠭᠡᠬᠤᠲᠠ ᠶᠢᠨ ᠰᠡᠶᠢᠯᠦᠮᠡᠯ ᠱᠠᠭᠠᠵᠠᠩ ᠪᠣᠯ ᠭᠦᠭᠡᠬᠤᠲᠠ ᠶᠢᠨ ᠤᠯᠠᠮᠵᠢᠯᠠᠯᠲᠤ ᠭᠠᠷ ᠤᠷᠠᠯᠠᠯ ᠤᠨ ᠤᠷᠠᠯᠠᠯ ᠪᠠᠶᠢᠵᠤ᠂ 200 ᠭᠠᠷᠤᠢ ᠵᠢᠯ ᠤᠨ ᠲᠡᠦᠬᠡ ᠲᠠᠢ ᠪᠣᠯᠵᠠᠢ᠃ ᠰᠡᠶᠢᠯᠦᠮᠡᠯ ᠱᠠᠭᠠᠵᠠᠩ ᠪᠣᠯ ᠵᠢᠷᠤᠭ᠂ ᠤᠷᠠᠨ ᠪᠢᠴᠢᠯᠭᠡ᠂ ᠰᠡᠶᠢᠯᠦᠮᠡᠯ ᠢ ᠨᠢᠭᠡᠳᠬᠡᠵᠦ᠂ ᠪᠢᠷ᠂ ᠪᠡᠭᠡ᠂ ᠥᠩᠭᠡ᠂ ᠭᠢᠲᠤᠭ᠎ᠠ ᠶᠢ ᠨᠢᠭᠡᠳᠬᠡᠭᠰᠡᠨ ᠤᠯᠠᠮᠵᠢᠯᠠᠯᠲᠤ ᠤᠷᠠᠯᠢᠭ ᠪᠥᠭᠡᠳ ᠱᠠᠭᠠᠵᠠᠩ ᠰᠠᠪᠠ ᠳᠡᠭᠡᠷᠡᠬᠢ ︽ᠬᠠᠳᠬᠤᠮᠠᠯ︾ ᠤᠨ ᠤᠷᠠᠯᠢᠭ ᠭᠡᠵᠦ ᠳᠦᠷᠰᠦᠯᠢᠭ ᠢᠶᠠᠷ ᠨᠡᠷᠡᠯᠡᠭᠳᠡᠭᠰᠡᠨ ᠶᠤᠮ᠃      ᠭᠦᠭᠡᠬᠤᠲᠠ ᠶᠢᠨ ᠰᠡᠶᠢᠯᠦᠮᠡᠯ ᠱᠠᠭᠠᠵᠠᠩ ᠤᠨ ᠪᠣᠳᠠᠰ ᠤᠨ ᠪᠤᠰᠤ ᠰᠣᠶᠣᠯ ᠤᠨ ᠥᠪ ᠤᠨ ᠤᠯᠠᠮᠵᠢᠯᠠᠭᠴᠢ ᠪᠣᠯᠤᠭᠰᠠᠨ ᠤ ᠬᠤᠪᠢ ᠳᠤ᠂ ᠡᠨᠡ ᠵᠢᠯ 54 ᠨᠠᠰᠤᠲᠠᠢ ᠸᠠᠩ ᠵᠢᠶᠠᠨ ᠶᠦᠩ ᠰᠡᠶᠢᠯᠦᠮᠡᠯ ᠱᠠᠭᠠᠵᠠᠩ ᠤᠨ ᠤᠷ᠎ᠠ ᠮᠡᠷᠭᠡᠵᠢᠯ ᠤᠨ ᠬᠥᠭᠵᠢᠯᠲᠡ ᠪᠠ ᠤᠯᠠᠮᠵᠢᠯᠠᠯ ᠤᠨ ᠲᠥᠯᠥᠭᠡ ᠤᠯᠠᠨ ᠵᠢᠯ ᠬᠠᠯᠠᠰᠢᠷᠠᠯ ᠦᠭᠡᠢ ᠵᠢᠳᠬᠦᠵᠦ᠂ ᠰᠤᠷᠤᠬᠴᠢ ᠬᠥᠮᠥᠵᠢᠭᠦᠯᠬᠦ ᠳᠤ ᠴᠥᠬᠦᠷᠡᠯ ᠦᠭᠡᠢ ᠴᠢᠷᠮᠠᠶᠢᠭᠰᠠᠭᠠᠷ ᠢᠷᠡᠭᠰᠡᠨ ᠪᠢᠯᠡ᠃      ᠴᠢᠨ ᠤᠯᠤᠰ ᠬᠠᠨ ᠤᠯᠤᠰ ᠤᠨ ᠦᠶ᠎ᠡ ᠠᠴᠠ ᠲᠡᠰᠦᠷᠡᠯᠳᠠ ᠦᠭᠡᠢ ᠬᠥᠭᠵᠢᠵᠦ ᠢᠷᠡᠵᠠᠢ      ᠸᠠᠩ ᠵᠢᠶᠠᠨ ᠶᠦᠩ ᠬᠡᠯᠡᠬᠦ ᠳᠡᠭᠡᠨ᠂ ᠮᠠᠨ ᠤ ᠤᠯᠤᠰ ᠲᠤ ᠴᠢᠨ ᠤᠯᠤᠰ ᠬᠠᠨ ᠤᠯᠤᠰ ᠤᠨ ᠦᠶ᠎ᠡ ᠳᠤ ᠨᠢᠭᠡᠨᠲᠡ ᠱᠠᠭᠠᠵᠠᠩ ᠳᠡᠭᠡᠷ᠎ᠡ ᠰᠡᠶᠢᠯᠵᠤ ᠪᠤᠳᠤᠭ ᠣᠷᠣᠭᠤᠯᠤᠨ ᠰᠢᠷ ᠰᠠᠭᠤᠯᠭᠠᠬᠤ ᠠᠷᠭ᠎ᠠ ᠲᠠᠢ ᠪᠣᠯᠵᠠᠢ᠂ ᠡᠭᠦᠨ ᠢ ︽ᠬᠠᠰ ᠰᠡᠶᠢᠯᠬᠦ︾ ᠭᠡᠳᠡᠭ ᠪᠠᠶᠢᠵᠠᠢ᠃ ᠸᠧᠢ ᠤᠯᠤᠰ ᠶᠢᠨ ᠤᠯᠤᠰ ᠠᠴᠠ ᠡᠬᠢᠯᠡᠭᠡᠳ ᠸᠠᠭᠠᠷ ᠱᠠᠭᠠᠵᠠᠩ ᠤᠨ ᠦᠢᠯᠡᠰ ᠬᠥᠭᠵᠢᠵᠦ᠂ ᠶᠡᠭᠡ ᠬᠡᠮᠵᠢᠶᠡᠨ ᠤ ᠨᠠᠷᠢᠯᠢᠭ ᠰᠠᠶᠢᠬᠠᠨ ᠱᠠᠭᠠᠵᠠᠩ ᠰᠠᠪᠠ ᠪᠤᠶ ᠪᠤᠯᠬᠤ ᠶᠢ ᠳᠠᠭᠠᠯᠳᠤᠨ᠂ ᠬᠠᠭᠠᠨ ᠡᠵᠡᠨ᠂ ᠨᠣᠶᠠᠳ ᠲᠦᠰᠢᠮᠡᠳ ᠪᠠ ᠨᠢᠭᠡ ᠪᠦᠯᠦᠭ ᠪᠢᠴᠢᠭ ᠤᠨ ᠬᠥᠮᠥᠰ ᠱᠠᠭᠠᠵᠠᠩ ᠰᠠᠪᠠ ᠰᠣᠨᠢᠷᠬᠠᠬᠤ ᠶᠢᠨ ᠳᠠᠭᠠᠤ ᠤᠶᠠᠩᠭᠠᠯᠠᠭᠰᠠᠨ ᠰᠢᠯᠦᠭ᠂  ᠪᠢᠴᠢᠭᠰᠡᠨ ᠦᠰᠦᠭ ᠢᠶᠠᠨ ᠲᠡᠭᠦᠨ ᠤ ᠳᠡᠭᠡᠷ᠎ᠡ ᠦᠯᠡᠳᠡᠭᠡᠵᠦ ᠥᠨᠢᠳᠡ ᠬᠠᠳᠠᠭᠠᠯᠠᠬᠤ ᠶᠢ ᠶᠡᠬᠡᠳᠡ ᠬᠦᠰᠡᠵᠦ ᠪᠠᠶᠢᠪᠠ᠂ ᠢᠩᠭᠢᠭᠡᠳ ᠲᠤᠬᠠᠢ ᠶᠢᠨ ᠦᠶ᠎ᠡ ᠶᠢᠨ ᠤᠷᠠᠯᠢᠭᠴᠢᠳ ᠱᠠᠭᠠᠵᠠᠩ ᠳᠡᠭᠡᠷ᠎ᠡ ᠪᠠᠨ ᠪᠤᠳᠤᠭ ᠣᠷᠣᠭᠤᠯᠵᠤ ᠰᠢᠷ ᠰᠠᠭᠤᠯᠭᠠᠬᠤ ᠠᠴᠠ ᠡᠮᠦᠨ᠎ᠡ ᠰᠢᠯᠦᠭ ᠵᠣᠬᠢᠶᠠᠯ ᠪᠢᠴᠢᠯᠭᠡ ᠵᠢᠷᠤᠭ ᠤᠨ ᠢᠶᠠᠨ ᠪᠣᠷᠣ ᠲᠥᠯᠥᠪ ᠢ ᠭᠢᠲᠤᠭ᠎ᠠ ᠪᠠᠷ ᠵᠢᠷᠤᠵᠤ ᠭᠠᠷᠭᠠᠳᠠᠭ ᠪᠣᠯᠵᠠᠢ᠂ ᠡᠨᠡ ᠨᠢ ᠬᠠᠮᠤᠭ ᠤᠨ ᠠᠩᠬᠠᠨ ᠤ ᠱᠠᠭᠠᠵᠠᠩ ᠰᠡᠶᠢᠯᠦᠮᠡᠯ ᠪᠣᠯᠣᠨ᠎ᠠ᠃ ᠰᠦᠩ ᠤᠯᠤᠰ ᠤᠨ ᠦᠶ᠎ᠡ ᠶᠢᠨ ᠲᠣᠭᠲᠠᠮᠠᠯ ᠤᠭᠤᠷᠭᠠᠶ ᠶᠢᠨ ᠱᠠᠭᠠᠵᠠᠩ ᠡᠳ᠋ᠯᠡᠯ ᠤᠨ ᠴᠢᠮᠡᠭᠯᠡᠯ ᠪᠣᠯ ᠱᠠᠭᠠᠵᠠᠩ ᠳᠡᠭᠡᠷ᠎ᠡ ᠬᠡ ᠤᠭᠠᠯᠵᠠ ᠰᠡᠶᠢᠯᠦᠭᠰᠡᠨ ᠤ ᠳᠠᠷᠠᠭ᠎ᠠ ᠰᠢᠷ ᠪᠤᠳᠤᠭ ᠰᠠᠭᠤᠯᠭᠠᠵᠤ ᠰᠢᠲᠠᠭᠠᠵᠤ ᠬᠢᠭᠰᠡᠨ ᠨᠡᠶᠢᠲᠡᠯᠢᠭ ᠲᠥᠯᠥᠭᠡᠯᠡᠭᠴᠢ ᠪᠦᠲᠦᠭᠡᠯ ᠶᠤᠮ᠂ ᠨᠠᠷᠢᠯᠢᠭ ᠬᠢᠴᠡ ᠪᠦᠬᠦᠢ ᠰᠡᠶᠢᠯᠦᠮᠡᠯ ᠤᠨ ᠤᠷ᠎ᠠ ᠮᠡᠷᠭᠡᠵᠢᠯ ᠪᠠ ᠪᠠᠯᠠᠷᠠᠰᠢ ᠦᠭᠡᠢ ᠤᠷᠠᠯᠢᠭ ᠤᠨ ᠦᠨ᠎ᠡ ᠥᠷᠲᠡᠭ ᠨᠢ ᠡᠷᠲᠡᠨ ᠤ ᠬᠥᠳᠡᠯᠮᠦᠷᠢᠴᠢᠨ ᠠᠷᠠᠳ ᠲᠦᠮᠡᠨ ᠤ ᠠᠵᠢᠯᠴᠢ ᠭᠦᠳᠡᠯᠮᠦᠷᠢᠴᠢ ᠣᠶᠤᠨ ᠤᠬᠠᠭᠠᠨ ᠢ ᠭᠦᠢᠴᠡᠳ ᠢᠯᠡᠷᠡᠭᠦᠯᠦᠭᠰᠡᠨ ᠶᠤᠮ᠃
     ᠰᠡᠶᠢᠯᠦᠮᠡᠯ ᠱᠠᠭᠠᠵᠠᠩ ᠤᠨ ᠪᠦᠲᠦᠭᠡᠯ ︽ᠠᠵᠢᠨᠠᠢ ᠭᠦᠯᠦᠭ ᠳᠡᠭᠦᠯᠢᠨ᠎ᠡ︾      ᠵᠢᠩᠬᠢᠨᠢ ᠰᠡᠶᠢᠯᠦᠮᠡᠯ ᠱᠠᠭᠠᠵᠠᠩ ᠪᠣᠯ ᠴᠢᠩ ᠤᠯᠤᠰ ᠤᠨ ᠡᠬᠢᠨ ᠤ ᠦᠶ᠎ᠡ ᠠᠴᠠ ᠡᠬᠢᠯᠡᠵᠡᠢ᠃ ᠲᠡᠦᠬᠡᠨ ᠲᠡᠮᠳᠡᠭᠯᠡᠯ ᠢ ᠦᠨᠳᠦᠰᠦᠯᠡᠪᠡᠯ᠂ ᠴᠢᠩ ᠤᠯᠤᠰ ᠤᠨ ᠡᠬᠢᠨ ᠤ ᠦᠶ᠎ᠡ ᠳᠤ ᠠᠷᠠᠳ ᠤᠨ ᠳᠤᠮᠳᠠ ᠲᠤᠰᠬᠠᠶᠢᠯᠠᠨ ᠱᠠᠭᠠᠵᠠᠩ ᠰᠡᠶᠢᠯᠬᠦ ᠠᠵᠢᠯ ᠲᠦᠷᠦᠯ ᠪᠤᠢ ᠪᠣᠯᠤᠭᠰᠠᠨ ᠪᠤᠯᠪᠠᠴᠤ ᠣᠯᠠᠩᠬᠢ ᠨᠢ  ᠬᠠᠪᠲᠠᠭᠠᠢ ᠳᠡᠭᠡᠷ᠎ᠡ ᠰᠡᠶᠢᠯᠬᠦ ᠪᠠᠷ ᠭᠤᠣᠯᠯᠠᠵᠤ᠂ ᠴᠡᠭ ᠱᠤᠭᠤᠮ ᠤᠨ ᠵᠢᠷᠤᠭ ᠤᠨ ᠪᠦᠲᠦᠴᠡ ᠵᠡᠷᠭᠡ ᠤᠷᠠᠯᠢᠭ ᠤᠨ ᠢᠯᠡᠷᠡᠭᠦᠯᠦᠯ ᠨᠢ ᠲᠠᠩ ᠴᠤᠯᠭᠤᠢ᠂ ᠶᠡᠷᠦᠮᠳᠡᠭ ᠪᠠᠶᠢᠵᠤ᠂ ᠬᠥᠮᠥᠰ ᠤᠨ ᠠᠩᠬᠠᠷᠤᠯ ᠢ ᠳᠡᠮᠡᠢ ᠶᠡᠭᠡ ᠲᠠᠲᠠᠳᠠᠭ ᠦᠭᠡᠢ ᠪᠠᠶᠢᠵᠠᠢ᠃ ᠲᠡᠭᠷᠢ ᠲᠡᠳᠬᠦᠭᠴᠢ ᠶᠢᠨ ᠰᠡᠭᠦᠯᠴᠢ ᠶᠢᠨ ᠦᠶ᠎ᠡ ᠪᠤᠯᠬᠤ ᠳᠤ᠂ ᠠᠵᠤ ᠠᠬᠤᠢ ᠶᠢᠨ ᠬᠥᠭᠵᠢᠯ ᠪᠠᠳᠠᠷᠠᠯ ᠠᠴᠠ ᠪᠣᠯᠵᠤ᠂ ᠬᠠᠭᠠᠨ ᠤ ᠣᠷᠳᠣᠨ ᠳᠤ ᠲᠤᠰᠬᠠᠶᠢᠯᠠᠨ ᠵᠣᠬᠢᠶᠠᠨ ᠪᠦᠲᠦᠭᠡᠬᠦ ᠭᠠᠵᠠᠷ ᠪᠠᠶᠢᠭᠤᠯᠤᠨ᠂ ᠬᠠᠭᠠᠨ ᠤ ᠣᠷᠳᠣᠨ ᠳᠤ ᠬᠡᠷᠡᠭᠯᠡᠬᠦ ᠭᠠᠷ ᠤᠷᠠᠯᠠᠯ ᠤᠨ ᠪᠦᠲᠦᠭᠡᠭᠳᠡᠬᠦᠨ ᠢ ᠦᠢᠯᠡᠳᠪᠡ᠃ ᠲᠤᠬᠠᠢ ᠶᠢᠨ ᠦᠶ᠎ᠡ ᠶᠢᠨ ᠨᠡᠶᠢᠭᠡᠮ ᠤᠨ ᠡᠯ᠎ᠡ ᠳᠠᠪᠬᠤᠷᠭ᠎ᠠ ᠶᠢᠨ ᠬᠢᠨ ᠤ ᠡᠷᠬᠢᠮᠯᠡᠨ ᠳᠡᠭᠡᠳᠦᠯᠡᠵᠦ ᠬᠦᠨᠳᠦᠳᠬᠡᠨ ᠦᠵᠡᠭᠰᠡᠨ ᠢᠶᠠᠷ ᠰᠡᠶᠢᠯᠪᠦᠷᠢ ᠶᠢᠨ ᠤᠷᠠᠨ ᠪᠢᠴᠢᠯᠭᠡ ᠶᠢᠨ ᠤᠷᠠᠯᠢᠭ ᠤᠯᠠᠮ ᠬᠥᠭᠵᠢᠵᠦ᠂ ᠴᠢᠨᠠᠭᠰᠢᠯᠠᠭᠠᠳ ᠵᠠᠷᠢᠮ ᠬᠥᠮᠥᠨ ᠱᠠᠭᠠᠵᠠᠩ ᠪᠤᠶᠤ ᠪᠤᠰᠤᠳ ᠰᠠᠪᠠ ᠰᠠᠭᠠᠯᠢ ᠳᠡᠭᠡᠷ᠎ᠡ ᠠᠭᠤᠯᠠ ᠤᠰᠤ᠂ ᠴᠡᠴᠡᠭ ᠰᠢᠪᠠᠭᠤ᠂ ᠡᠪᠡᠰᠦ ᠬᠤᠷᠣᠬᠠᠢ ᠵᠡᠷᠭᠡ ᠶᠢ ᠭᠢᠲᠤᠭ᠎ᠠ ᠪᠠᠷ ᠰᠡᠶᠢᠯᠪᠦᠷᠢᠯᠡᠵᠦ ᠴᠢᠳᠠᠬᠤ ᠪᠣᠯᠤᠭᠰᠠᠨ ᠪᠥᠭᠡᠳ ᠠᠮᠢᠳᠤ ᠳᠦᠷᠰᠦᠯᠢᠭ ᠦᠵᠡᠮᠦᠷᠢᠲᠡᠢ ᠪᠣᠯᠤᠭᠰᠠᠨ ᠪᠠᠶᠢᠨ᠎ᠠ᠃ ᠡᠨᠡ ᠬᠦ ᠬᠤᠭᠤᠴᠠᠭᠠᠨ ᠳᠤ ᠰᠡᠶᠢᠯᠦᠮᠡᠯ ᠱᠠᠭᠠᠵᠠᠩ ᠨᠢ ᠵᠢᠩᠬᠢᠨᠢ ᠪᠠᠷ ᠰᠢᠨ᠎ᠡ ᠮᠠᠶ᠋ᠢᠭ ᠤᠨ ᠱᠠᠭᠠᠵᠠᠩ ᠴᠢᠮᠡᠭᠯᠡᠯ ᠤᠨ ᠤᠷᠠᠯᠢᠭ ᠪᠣᠯᠣᠨ ᠬᠥᠭᠵᠢᠭᠰᠡᠨ ᠪᠠᠶᠢᠨ᠎ᠠ᠃      ᠳᠡᠭᠡᠷ᠎ᠡ ᠵᠠᠭᠤᠨ ᠤ ᠡᠬᠢᠨ ᠤ ᠦᠶ᠎ᠡ ᠳᠤ᠂ ᠰᠡᠶᠢᠯᠦᠮᠡᠯ ᠱᠠᠭᠠᠵᠠᠩ ᠨᠢ ᠵᠦᠩᠶᠤᠸᠠᠨ ᠣᠷᠣᠨ ᠳᠤ ᠮᠠᠰᠢ ᠥᠷᠭᠡᠨ  ᠢᠶᠠᠷ ᠳᠡᠯᠭᠡᠷᠡᠵᠦ᠂ ᠤᠷᠠᠯᠢᠭ ᠤᠨ ᠲᠦᠪᠰᠢᠨ ᠨᠢ ᠠᠳᠠᠯᠢ ᠦᠭᠡᠢ ᠪᠠᠶᠢᠭᠰᠠᠨ ᠴᠤ᠂ ᠮᠠᠰᠢ ᠣᠯᠠᠨ ᠠᠷᠠᠳ ᠤᠨ ᠤᠷᠠᠯᠢᠭᠴᠢᠳ ᠪᠦᠷ ᠡᠨᠡ ᠬᠦ ᠱᠠᠭᠠᠵᠠᠩ ᠳᠡᠭᠡᠷ᠎ᠡ ᠰᠡᠶᠢᠯᠪᠦᠷᠢᠯᠡᠬᠦ ᠴᠢᠳᠠᠪᠤᠷᠢ ᠶᠢ ᠡᠵᠡᠮᠰᠢᠵᠦ ᠪᠠᠶᠢᠪᠠ᠂ ᠰᠡᠭᠦᠯᠡᠷ ᠨᠢ ᠳᠠᠶᠢᠨ ᠳᠠᠵᠢᠨ ᠠᠴᠠ ᠪᠣᠯᠵᠤ᠂ ᠡᠨᠡ ᠬᠦ ᠤᠷ᠎ᠠ ᠮᠡᠷᠭᠡᠵᠢᠯ ᠨᠢ ᠠᠭᠠᠵᠢᠮ ᠢᠶᠠᠷ ᠭᠡᠭᠡᠭᠳᠡᠵᠡᠢ᠃
     ᠰᠡᠶᠢᠯᠦᠮᠡᠯ ᠱᠠᠭᠠᠵᠠᠩ ᠤᠨ ᠪᠦᠲᠦᠭᠡᠯ ︽ᠶᠠᠪᠤᠳᠠᠯ ᠪᠦᠭᠦᠨ ᠤᠷᠤᠭᠰᠢᠲᠠᠢ︾      ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠠᠵᠤ ᠠᠬᠤᠢ ᠶᠢᠨ ᠬᠥᠭᠵᠢᠯᠲᠡ ᠶᠢ ᠳᠠᠭᠠᠯᠳᠤᠨ᠂ ᠰᠡᠶᠢᠯᠦᠮᠡᠯ ᠱᠠᠭᠠᠵᠠᠩ ᠤᠨ ᠤᠷᠠᠯᠢᠭ ᠨᠡᠯᠢᠶᠡᠳ ᠶᠡᠭᠡ ᠪᠠᠷ ᠬᠥᠭᠵᠢᠪᠡ᠃ ᠭᠠᠳᠠᠭᠠᠳᠤ ᠬᠠᠷᠢᠯᠴᠠᠭᠠᠨ ᠤ ᠵᠢᠯ ᠠᠴᠠ ᠵᠢᠯ ᠨᠡᠭᠡᠭᠡᠯᠲᠡᠲᠡᠢ ᠴᠢᠯᠦᠭᠡᠲᠡᠢ ᠪᠤᠯᠬᠤ ᠶᠢ ᠳᠠᠭᠠᠯᠳᠤᠨ᠂ ᠱᠠᠭᠠᠵᠠᠩ ᠳᠡᠭᠡᠷ᠎ᠡ ᠰᠡᠶᠢᠯᠬᠦ ᠤᠷᠠᠯᠢᠭ ᠨᠢ ᠤᠯᠤᠰ ᠤᠨ ᠳᠣᠲᠣᠭᠠᠳᠤ ᠭᠠᠳᠠᠭᠠᠳᠤ ᠳᠤ ᠨᠡᠷ᠎ᠡ ᠠᠯᠳᠠᠷᠰᠢᠭᠰᠠᠨ ᠶᠤᠮ᠃ ᠰᠡᠶᠢᠯᠦᠮᠡᠯ ᠱᠠᠭᠠᠵᠠᠩ ᠫᠢᠯᠠ ᠶᠢ ᠶᠡᠷᠦ ᠳᠡᠭᠡᠨ︽ᠤᠯᠤᠰ ᠤᠨ ᠪᠡᠯᠡᠭ︾ ᠢᠶᠠᠷ ᠭᠠᠳᠠᠭᠠᠳᠤ ᠶᠢᠨ ᠲᠡᠷᠢᠭᠦᠨ ᠪᠤᠶᠤ ᠭᠠᠳᠠᠭᠠᠳᠤ ᠬᠠᠷᠢᠯᠴᠠᠭᠠᠨ ᠤ ᠶᠠᠪᠤᠳᠠᠯ ᠤᠨ ᠴᠢᠬᠤᠯᠠ ᠲᠠᠯᠠᠪᠤᠷ ᠲᠤ ᠪᠡᠯᠡᠭᠯᠡᠬᠦ ᠪᠣᠯᠤᠭᠰᠠᠨ ᠪᠠᠶᠢᠨ᠎ᠠ᠃      ᠤᠷ᠎ᠠ ᠮᠡᠷᠭᠡᠵᠢᠯ ᠳᠡᠭᠡᠨ ᠴᠠᠭᠠᠷᠠᠵᠤ ᠤᠷᠠᠨ ᠬᠢᠴᠡ ᠲᠠᠢ ᠪᠣᠯᠪᠠ      ᠭᠦᠭᠡᠬᠤᠳᠠ ᠶᠢᠨ ᠰᠡᠶᠢᠯᠦᠮᠡᠯ ᠱᠠᠭᠠᠵᠠᠩ ᠨᠢ ᠬᠡᠳᠦᠨ ᠵᠠᠭᠤᠨ ᠵᠢᠯ ᠤᠨ ᠤᠯᠠᠮᠵᠢᠯᠠᠯ ᠪᠠ ᠬᠥᠭᠵᠢᠯᠲᠡ ᠶᠢᠨ ᠶᠠᠪᠤᠴᠠ ᠳᠠᠭᠠᠨ ᠠᠭᠠᠵᠢᠮ ᠢᠶᠠᠷ ᠬᠢᠲᠤᠭᠠᠨ ᠤ ᠡᠷᠳᠡᠮ ᠨᠢ ᠣᠮᠣᠭᠯᠠᠩ ᠰᠦᠷᠯᠢᠭᠦᠨ᠂ ᠰᠡᠶᠢᠯᠦᠮᠡᠯ ᠤᠨ ᠳᠠᠪᠬᠤᠷᠭ᠎ᠠ ᠨᠢ ᠨᠡᠯᠢᠶᠡᠳ ᠭᠦᠨ᠂ ᠥᠩᠭᠡ ᠪᠤᠳᠤᠭ ᠨᠢ ᠥᠳᠬᠡᠨ ᠵᠡᠷᠭᠡ ᠣᠨᠴᠠᠯᠢᠭ ᠢ ᠪᠦᠷᠢᠯᠳᠦᠭᠦᠯᠦᠭᠰᠡᠨ ᠶᠤᠮ᠃ ᠭᠦᠭᠡᠬᠤᠳᠠ ᠶᠢᠨ ᠤᠯᠠᠮᠵᠢᠯᠠᠯᠲᠤ ᠱᠠᠭᠠᠵᠠᠩ ᠰᠡᠶᠢᠯᠦᠮᠡᠯ ᠤᠨ ᠭᠠᠷ ᠤᠷᠠᠯᠠᠯ ᠤᠨ ᠪᠦᠲᠦᠭᠡᠭᠳᠡᠬᠦᠨ ᠨᠢ ᠵᠥᠪᠭᠡᠨ ᠬᠠᠷ᠎ᠠ ᠴᠠᠭᠠᠨ ᠬᠤᠶᠠᠷ ᠥᠩᠭᠡ ᠲᠠᠢ ᠪᠠᠶᠢᠳᠠᠭ᠂ ᠳᠣᠣᠷ᠎ᠠ ᠳᠤᠯᠠᠭᠠᠨ ᠳᠤ ᠰᠢᠷ ᠰᠠᠭᠤᠯᠭᠠᠬᠤ ᠤᠷ᠎ᠠ ᠮᠡᠷᠭᠡᠵᠢᠯ ᠪᠤᠶ ᠪᠣᠯᠤᠭᠰᠠᠨ ᠤ ᠳᠠᠷᠠᠭ᠎ᠠ᠂ ᠳᠠᠷᠬᠠᠳ ᠠᠭᠠᠵᠢᠮ ᠢᠶᠠᠷ ᠱᠠᠭᠠᠵᠠᠩ ᠰᠡᠶᠢᠯᠦᠮᠡᠯ ᠤᠨ ᠪᠤᠳᠤᠭᠲᠤ ᠵᠢᠷᠤᠭ᠂ ᠱᠠᠭᠠᠵᠠᠩ ᠰᠡᠭᠦᠳᠡᠷ ᠰᠡᠶᠢᠯᠦᠮᠡᠯ᠂ ᠱᠠᠭᠠᠵᠠᠩ ᠰᠡᠶᠢᠯᠦᠮᠡᠯ ᠳᠤ ᠲᠡᠮᠦᠷᠯᠢᠭ ᠱᠤᠷᠠᠭ ᠰᠢᠭᠢᠳᠬᠡᠭᠡᠷᠢ ᠰᠢᠭᠢᠳᠬᠡᠬᠦ ᠵᠡᠷᠭᠡ ᠪᠤᠳᠤᠯᠢᠶᠠᠨᠲᠠᠢ ᠤᠷ᠎ᠠ ᠮᠡᠷᠭᠡᠵᠢᠯ᠂ ᠭᠠᠷ ᠤᠷᠠᠯᠠᠯ ᠢ ᠬᠠᠶᠢᠨ ᠰᠦᠪᠡᠭᠴᠢᠯᠡᠵᠦ ᠭᠠᠷᠭᠠᠭᠰᠠᠨ ᠪᠠᠶᠢᠨ᠎ᠠ᠃
     ᠰᠡᠶᠢᠯᠦᠮᠡᠯ ᠱᠠᠭᠠᠵᠠᠩ ᠤᠨ ᠪᠦᠲᠦᠭᠡᠯ ︽ᠴᠡᠴᠡᠭ ᠨᠠᠪᠴᠢ ᠳᠡᠯᠭᠡᠷᠡᠵᠦ ᠬᠡᠰᠢᠭ ᠪᠤᠶᠠᠨ ᠳᠡᠯᠭᠡᠷᠡᠨ᠎ᠡ︾      ᠸᠠᠩ ᠵᠢᠶᠠᠨ ᠶᠦᠩ ᠬᠡᠯᠡᠬᠦ ᠳᠡᠭᠡᠨ᠂ ᠰᠡᠶᠢᠯᠦᠮᠡᠯ ᠱᠠᠭᠠᠵᠠᠩ ᠪᠣᠯ ᠬᠠᠭᠠᠨ ᠤ ᠣᠷᠳᠣᠨ ᠠᠴᠠ ᠠᠷᠠᠳ ᠤᠨ ᠳᠤᠮᠳᠠ ᠳᠡᠯᠭᠡᠷᠡᠭᠰᠡᠨ ᠭᠠᠶᠢᠬᠠᠮᠰᠢᠭᠲᠤ ᠤᠷ᠎ᠠ ᠮᠡᠷᠭᠡᠵᠢᠯ ᠶᠤᠮ᠂ ᠲᠡᠭᠦᠨ ᠳᠤ ᠬᠢᠴᠢᠶᠡᠵᠦ ᠡᠷᠬᠢᠮᠨᠡᠬᠦ ᠵᠦᠢᠯ ᠮᠠᠰᠢ ᠤᠯᠠᠨ ᠪᠤᠢ᠂ ᠱᠠᠭᠠᠵᠠᠩ ᠰᠣᠩᠭᠤᠬᠤ᠂ ᠬᠡᠪ ᠬᠢᠬᠦ᠂ ᠰᠡᠶᠢᠯᠬᠦ᠂ ᠪᠣᠷᠣ ᠲᠥᠯᠥᠪ ᠤᠨ ᠥᠩᠭᠡ ᠶᠢ ᠵᠢᠷᠤᠭᠯᠠᠬᠤ᠂ ᠨᠤᠨᠳᠠᠭᠯᠠᠬᠤ᠂ ᠪᠤᠳᠤᠭ ᠣᠷᠣᠭᠤᠯᠬᠤ᠂ ᠪᠢᠲᠡᠭᠦᠮᠵᠢᠯᠡᠬᠦ ᠵᠡᠷᠭᠡ ᠠᠵᠢᠯ ᠤᠨ ᠳᠠᠷᠠᠭᠠᠯᠠᠯ ᠢᠶᠠᠷ ᠪᠦᠷᠢᠯᠳᠦᠳᠡᠭ᠃  ᠲᠡᠷᠡᠴᠢᠯᠡᠨ ᠭᠢᠳᠤᠭ᠎ᠠ ᠪᠠᠷ ᠥᠷᠥᠮᠳᠡᠬᠦ ᠠᠷᠭ᠎ᠠ᠂ ᠳᠠᠪᠬᠤᠷ ᠭᠤᠬᠠᠳᠠᠬᠤ ᠠᠷᠭ᠎ᠠ᠂ ᠬᠤᠰᠤᠬᠤ ᠠᠷᠭ᠎ᠠ ᠵᠡᠷᠭᠡ ᠣᠯᠠᠨ ᠵᠦᠢᠯ ᠤᠨ ᠭᠢᠲᠤᠭ᠎ᠠ ᠬᠡᠷᠡᠭᠯᠡᠬᠦ ᠠᠷᠭ᠎ᠠ ᠶᠢ ᠶᠡᠷᠦᠩᠬᠡᠶᠢᠯᠡᠨ ᠬᠡᠷᠡᠭᠯᠡᠵᠦ᠂ ᠵᠢᠷᠤᠭ ᠳᠦᠷᠰᠦ ᠶᠢᠨ ᠭᠡᠭᠡᠨ ᠬᠠᠷᠠᠩᠭᠤᠢ᠂ ᠬᠤᠯᠠ ᠣᠶᠢᠷ᠎ᠠ ᠵᠡᠷᠭᠡ ᠬᠠᠷᠠᠭᠠᠨ ᠰᠡᠷᠡᠯ ᠤᠨ ᠦᠢᠯᠡᠳᠦᠯ ᠢ ᠢᠯᠡᠷᠡᠭᠦᠯᠦᠨ᠂ ᠡᠭᠦᠨ ᠢᠶᠠᠷ ᠲᠠᠮᠵᠢᠨ ︽ᠬᠦᠷᠡᠯ ᠴᠢᠯᠠᠭᠤᠨ ᠤ ᠰᠣᠨᠢᠷᠬᠠᠯ︾ ᠪᠠ︽ᠪᠢᠷ ᠪᠡᠭᠡ ᠶᠢᠨ ᠠᠶᠢᠵᠠᠮ︾ ᠤᠨ ᠰᠠᠨᠠᠭ᠎ᠠ ᠠᠬᠤᠢ ᠳᠤ ᠬᠦᠷᠭᠡᠳᠡᠭ ᠶᠤᠮ᠃     ᠶᠡᠷᠦ ᠶᠢᠨ ᠦᠭᠡᠨ ᠳᠤ᠂︽ᠠᠯᠮᠠᠰ ᠥᠷᠥᠮᠳᠡᠭᠦᠷ ᠦᠭᠡᠢ ᠪᠣᠯᠪᠠᠰᠤ ᠱᠠᠭᠠᠵᠠᠩ ᠰᠠᠪᠠ ᠶᠢᠨ ᠠᠵᠢᠯ ᠢ ᠪᠦᠦ ᠲᠤᠰᠴᠤ ᠠᠪᠤᠭᠠᠷᠠᠢ︾ ᠭᠡᠵᠦ ᠬᠡᠯᠡᠳᠡᠭ᠃ ᠸᠠᠩ ᠵᠢᠶᠠᠨ ᠶᠦᠩ ᠬᠡᠯᠡᠬᠦ ᠳᠡᠭᠡᠨ᠂︽ᠱᠠᠭᠠᠵᠠᠩ ᠰᠡᠶᠢᠯᠦᠮᠡᠯ ᠤᠨ ᠤᠷᠠᠯᠢᠭ ᠢ ᠲᠤᠶᠢᠯ ᠳᠤᠨᠢ ᠲᠤᠯᠲᠠᠯ᠎ᠠ ᠭᠢᠶ᠎ᠠ ᠭᠡᠪᠡᠯ᠂ ᠯᠠᠪᠳᠠᠭᠤᠨ ᠪᠠᠲᠤᠲᠠᠢ ᠨᠠᠷᠢᠯᠢᠭ ᠵᠢᠷᠤᠭ ᠵᠢᠷᠤᠬᠤ ᠰᠠᠭᠤᠷᠢ ᠪᠠᠶᠢᠬᠤ ᠬᠡᠷᠡᠭᠲᠡᠢ  ᠪᠠᠷ ᠪᠠᠷᠠᠬᠤ ᠦᠭᠡᠢ ᠪᠠᠰᠠ ᠤᠷᠠᠨ ᠪᠢᠴᠢᠯᠭᠡ ᠶᠢᠨ ᠲᠠᠯ᠎ᠠ ᠪᠠᠷ ᠡᠷᠳᠡᠮ ᠴᠢᠳᠠᠪᠤᠷᠢ ᠪᠠᠶᠢᠬᠤ ᠬᠡᠷᠡᠭᠲᠡᠢ᠃  ᠵᠢᠷᠤᠭ ᠵᠢᠷᠤᠬᠤ ᠳᠤ ᠪᠠᠯᠠᠯᠵᠤ ᠵᠠᠰᠠᠵᠤ ᠪᠤᠯᠳᠠᠭ ᠪᠣᠯ ᠱᠠᠭᠠᠵᠠᠩ ᠰᠡᠶᠢᠯᠦᠮᠡᠯ ᠳᠤ ᠬᠠᠷᠢᠨ ᠪᠠᠯᠠᠯᠵᠤ ᠵᠠᠰᠠᠵᠤ ᠪᠤᠯᠳᠠᠭ ᠦᠭᠡᠢ᠂ ᠵᠠᠪᠠᠯ ᠬᠦᠯᠢᠴᠡᠩᠭᠦᠢ ᠪᠠᠶᠢᠵᠤ᠂ ᠨᠢᠳᠦ᠂ ᠲᠠᠷᠢᠬᠢ᠂ ᠭᠠᠷ ᠤᠨ ᠤᠷ᠎ᠠ ᠴᠢᠳᠠᠪᠤᠷᠢ ᠪᠠᠨ ᠨᠠᠷᠢᠯᠢᠭ ᠰᠠᠶᠢᠬᠠᠨ ᠤᠶᠠᠯᠳᠤᠭᠤᠯᠬᠤ ᠶᠢ ᠡᠷᠬᠢᠮᠯᠡᠵᠦ᠂  ᠱᠠᠭᠠᠵᠠᠩ ᠫᠢᠯᠠ ᠶᠢ ᠢᠯᠡᠭᠦᠦ ᠨᠢᠭᠡ ᠬᠠᠭᠠᠯᠤᠭᠰᠠᠨ ᠴᠤ᠂ ᠬᠢᠴᠡ ᠮᠠᠭᠤᠲᠠᠢ ᠱᠠᠭᠠᠵᠠᠩ ᠰᠡᠶᠢᠯᠦᠮᠡᠯ ᠢ ᠬᠡᠵᠢᠶᠡᠳᠡ ᠵᠠᠬ᠎ᠠ ᠳᠤ ᠭᠠᠷᠭᠠᠬᠤ ᠦᠭᠡᠢ︾ ᠭᠡᠵᠦ ᠪᠠᠶᠢᠪᠠ᠃ ᠡᠳᠦᠭᠡ᠂ ᠸᠠᠩ ᠵᠢᠶᠠᠨ ᠶᠦᠩ ᠤᠷᠳᠤ ᠬᠤᠭᠤᠴᠠᠭ᠎ᠠ ᠪᠠᠷ ᠰᠡᠶᠢᠯᠦᠮᠡᠯ ᠤᠨ ᠭᠢᠲᠤᠭ᠎ᠠ ᠪᠠᠷᠢᠭᠰᠠᠨ ᠠᠴᠠ ᠬᠤᠷᠤᠭᠤ ᠨᠢ ᠪᠦᠷ ᠡᠪᠡᠷᠰᠢᠵᠡᠢ᠃      ᠣᠷᠳᠣ ᠬᠤᠭᠤᠴᠠᠭᠠᠨ ᠤ ᠬᠠᠶᠢᠨ ᠰᠦᠪᠡᠭᠴᠢᠯᠡᠯᠲᠡ ᠪᠠᠷ ᠳᠡᠮᠵᠢᠨ᠂ ᠸᠠᠩ ᠵᠢᠶᠠᠨ ᠶᠦᠩ ᠠᠳᠠᠯᠢ ᠪᠤᠰᠤ ᠬᠡᠪ ᠨᠠᠮᠪᠠ ᠲᠠᠢ ᠵᠢᠷᠤᠭ ᠤᠨ ᠤᠷ᠎ᠠ ᠮᠡᠷᠭᠡᠵᠢᠯ ᠢᠶᠠᠷ ᠲᠣᠯᠢ ᠪᠤᠯᠭᠠᠵᠤ᠂ ᠰᠡᠶᠢᠯᠦᠮᠡᠯ ᠱᠠᠭᠠᠵᠠᠩ ᠤᠨ ᠤᠷᠠᠯᠢᠭ ᠤᠨ ᠢᠯᠡᠷᠡᠭᠦᠯᠬᠦ ᠠᠷᠭ᠎ᠠ ᠭᠡᠯᠪᠡᠷᠢ ᠶᠢ ᠥᠷᠭᠡᠳᠬᠡᠨ᠂ ᠰᠡᠶᠢᠯᠦᠮᠡᠯ ᠱᠠᠭᠠᠵᠠᠩ ᠤᠨ ᠪᠦᠲᠦᠭᠡᠯ ︽ᠠᠭᠤᠤ ᠬᠥᠮᠥᠨ ᠤ ᠭᠦᠷᠥᠭ ᠵᠢᠷᠤᠭ ᠤᠨ ᠰᠡᠶᠢᠯᠦᠮᠡᠯ ᠤᠨ ᠰᠢᠷᠢᠰ ᠪᠦᠲᠦᠭᠡᠯ︾ ᠢ ᠵᠣᠬᠢᠶᠠᠨ ᠪᠦᠲᠦᠭᠡᠵᠦ ᠪᠤᠢ᠃ ᠰᠡᠶᠢᠯᠦᠮᠡᠯ ᠱᠠᠭᠠᠵᠠᠩ ᠤᠨ ᠪᠦᠲᠦᠭᠡᠯ ᠪᠦᠷᠢ ᠨᠢ ᠤᠷᠠᠨ ᠬᠢᠴᠡ ᠲᠠᠢ᠂ ᠠᠮᠢᠳᠤ ᠳᠦᠷᠰᠦᠯᠢᠭ᠃ ᠢᠯᠡᠷᠡᠭᠦᠯᠬᠦ ᠠᠷᠭ᠎ᠠ ᠭᠡᠯᠪᠡᠷᠢ ᠶᠢᠨ ᠬᠤᠪᠢ ᠳᠤ᠂ ᠬᠥᠮᠥᠨ ᠤ ᠳᠦᠷᠢ ᠶᠢᠨ ᠬᠠᠳᠬᠤᠮᠠᠯ ᠭᠦᠷᠥᠭ ᠤᠨ ᠠᠷᠭ᠎ᠠ ᠪᠠᠷᠢᠯ ᠪᠠ ᠤᠯᠠᠮᠵᠢᠯᠠᠯᠲᠤ ᠲᠡᠮᠦᠷ ᠵᠢᠷᠤᠭᠠᠰᠤ ᠪᠠᠷ ᠵᠢᠷᠤᠭᠯᠠᠨ ᠬᠢᠬᠦ ᠠᠷᠭ᠎ᠠ ᠶᠢ ᠰᠢᠩᠭᠡᠬᠡᠨ ᠠᠪᠴᠤ᠂ ᠵᠢᠷᠤᠭᠠᠰᠤ ᠶᠢᠨ ᠠᠶᠢᠵᠠᠮ ᠢ ᠴᠢᠬᠤᠯᠠᠴᠢᠯᠠᠨ᠂  ᠴᠡᠭᠯᠡᠭᠦ ᠠᠷᠭ᠎ᠠ ᠪᠠᠷ ᠱᠤᠭᠤᠮᠳᠠᠵᠤ᠂ ᠨᠢᠭᠲᠠ ᠰᠡᠶᠢᠷᠡᠭ ᠨᠢ ᠴᠡᠭᠴᠡ ᠲᠠᠢ ᠪᠣᠯᠤᠭᠰᠠᠨ ᠠᠴᠠ ᠵᠢᠷᠤᠭᠠᠰᠤ ᠨᠢ ᠡᠭᠡᠯ ᠪᠣᠷᠣᠭᠵᠢᠭᠤᠨ ᠮᠥᠷᠲᠡᠭᠡᠨ ᠢᠳᠡᠷᠡᠭᠦᠨ ᠳᠣᠷᠪᠢᠯᠢᠭ ᠬᠠᠷᠠᠭᠳᠠᠨ᠎ᠠ᠃ ᠨᠢᠭᠤᠷ ᠤᠨ ᠬᠡᠰᠡᠭ ᠨᠢ ᠳᠡᠰ ᠳᠠᠪᠬᠤᠷᠭ᠎ᠠ ᠶᠢᠨ ᠱᠠᠭᠠᠷᠳᠠᠯᠭ᠎ᠠ ᠶᠢ ᠦᠨᠳᠦᠰᠦᠯᠡᠨ ᠤᠶᠠᠨ ᠵᠥᠭᠡᠯᠡᠨ ᠠᠴᠠ ᠠᠭᠠᠵᠢᠮ ᠢᠶᠠᠷ ᠥᠩᠭᠡ ᠪᠤᠳᠤᠭ ᠨᠢ ᠬᠤᠪᠢᠷᠠᠯᠲᠠ ᠲᠠᠢ ᠪᠣᠯᠵᠤ᠂ ᠥᠩᠭᠡ ᠪᠤᠳᠤᠭ ᠨᠢ ᠣᠨᠴᠠ ᠶᠢᠨ ᠢᠯᠠ ᠲᠣᠳᠣᠷᠬᠠᠢ ᠪᠠᠶᠢᠵᠤ᠂  ᠬᠥᠮᠥᠰ ᠲᠤ ᠪᠡᠶᠡᠲᠦ ᠴᠣᠭᠴᠠᠲᠤ ᠲᠥᠷᠥᠭᠳᠡᠯ ᠥᠭᠭᠦᠨ᠎ᠡ᠃      2015 ᠣᠨ ᠤ 9 ᠰᠠᠷ᠎ᠠ ᠳᠤ᠂ ᠸᠠᠩ ᠵᠢᠶᠠᠨ ᠶᠦᠩ ᠤᠨ ᠵᠣᠬᠢᠶᠠᠨ ᠪᠦᠲᠦᠭᠡᠭᠰᠡᠨ ᠰᠡᠶᠢᠯᠦᠮᠡᠯ ᠤᠨ ᠪᠦᠲᠦᠭᠡᠯ ︽ᠴᠢ ᠪᠠᠢ ᠱᠢ ᠶᠢᠨ ᠭᠦᠷᠥᠭ︾ ᠨᠢ ᠠᠩᠬᠠᠳᠤᠭᠠᠷ ᠬᠤᠭᠤᠴᠠᠭᠠᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠷ ᠤᠷᠠᠯᠠᠯ ᠤᠨ ᠪᠦᠲᠦᠭᠡᠭᠳᠡᠬᠦᠨ ᠤ ᠦᠵᠡᠭᠦᠯᠭᠡ ᠶᠢᠨ ᠴᠤᠭᠯᠠᠭᠠᠨ ᠵᠢᠴᠢ ᠬᠤᠶᠠᠳᠤᠭᠠᠷ ᠬᠤᠭᠤᠴᠠᠭᠠᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠷ ᠤᠷᠠᠯᠠᠯ ᠤᠨ ᠪᠦᠲᠦᠭᠡᠭᠳᠡᠬᠦᠨ ᠤ ︽ᠳᠡᠭᠦᠯᠢᠨ ᠨᠢᠰᠬᠦ ᠭᠦᠯᠦᠭ ᠱᠠᠩᠨᠠᠯ︾ ᠢ ᠰᠢᠯᠭᠠᠷᠠᠭᠤᠯᠬᠤ ᠠᠵᠢᠯᠯᠠᠭ᠎ᠠ ᠳᠤ ᠬᠠᠮᠤᠭ ᠤᠨ ᠰᠢᠯᠢᠳᠡᠭ  ᠪᠦᠲᠦᠭᠡᠯᠴᠢ ᠪᠦᠲᠦᠭᠡᠯ ᠤᠨ ᠱᠠᠩᠨᠠᠯ ᠭᠦᠷᠳᠡᠪᠡ᠃      ᠰᠡᠳᠬᠢᠯ ᠲᠠᠯᠪᠢᠨ ᠤᠯᠠᠮᠵᠢᠯᠠᠵᠤ ᠦᠦᠭᠡ ᠲᠡᠦᠬᠡᠨ ᠳᠤ ᠦᠯᠡᠳᠡᠭᠡᠨ᠎ᠡ      ︽ᠬᠥᠮᠥᠨ ᠨᠢ  ᠪᠠᠶᠢᠪᠠᠯ ᠤᠷ᠎ᠠ ᠮᠡᠷᠭᠡᠵᠢᠯ ᠨᠢ ᠪᠠᠶᠢᠨ᠎ᠠ᠂ ᠬᠥᠮᠥᠨ ᠨᠢ ᠪᠠᠶᠢᠬᠤ ᠦᠭᠡᠢ ᠪᠣᠯᠪᠠᠯ ᠤᠷ᠎ᠠ ᠮᠡᠷᠭᠡᠵᠢᠯ ᠨᠢ ᠴᠤ ᠲᠠᠭᠠᠨ ᠠᠯᠠᠭ᠎ᠠ ᠪᠣᠯᠣᠨ᠎ᠠ︾᠃ ᠸᠠᠩ ᠵᠢᠶᠠᠨ ᠶᠦᠩ᠄ ᠰᠡᠶᠢᠯᠦᠮᠡᠯ ᠱᠠᠭᠠᠵᠠᠩ ᠤᠨ ᠪᠦᠲᠦᠭᠡᠯ ᠪᠦᠷᠢ  ᠨᠢ ᠶᠡᠭᠡ ᠪᠠᠭ᠎ᠠ ᠭᠡᠰᠡᠨ ᠦᠭᠡᠢ ᠴᠥᠮ ᠴᠤᠯ ᠭᠠᠷ ᠤᠷᠠᠯᠠᠯ ᠤᠨ ᠤᠷ᠎ᠠ ᠮᠡᠷᠭᠡᠵᠢᠯ ᠮᠥᠨ᠂ ᠶᠠᠭᠤᠮ᠎ᠠ ᠪᠦᠭᠦᠨ ᠨᠢ ᠴᠥᠮ ᠭᠠᠭᠴᠠᠬᠠᠨ ᠪᠠᠶᠢᠵᠤ᠂ ᠡᠭᠡᠭᠡ ᠠᠳᠠᠯᠢᠬᠠᠨ ᠢ ᠲᠠᠭᠢᠭᠠᠳ ᠬᠢᠵᠦ ᠭᠠᠷᠭᠠᠵᠤ ᠲᠠᠶᠢᠯᠭᠦ ᠦᠭᠡᠢ ᠭᠡᠵᠦ ᠶᠠᠷᠢᠵᠤ ᠪᠠᠶᠢᠯ᠎ᠠ᠃
     ᠰᠡᠶᠢᠯᠦᠮᠡᠯ ᠱᠠᠭᠠᠵᠠᠩ ᠤᠨ ᠪᠦᠲᠦᠭᠡᠯ ︽ᠴᠠᠰᠤᠲᠤ ᠨᠤᠲᠤᠭ︾      ᠣᠶᠢᠷ᠎ᠠ ᠶᠢᠨ ᠵᠢᠯ ᠠᠴᠠ᠂ ᠮᠠᠨ ᠤ ᠣᠷᠣᠨ ᠪᠣᠳᠠᠰ ᠤᠨ ᠪᠤᠰᠤ ᠰᠣᠶᠣᠯ ᠤᠨ ᠥᠪ ᠢ ᠬᠠᠮᠠᠭᠠᠯᠠᠬᠤ ᠠᠵᠢᠯ ᠢ ᠲᠤᠶᠢᠯ ᠢᠶᠠᠷ ᠴᠢᠬᠤᠯᠠᠴᠢᠯᠠᠵᠤ᠂ ᠭᠦᠭᠡᠬᠤᠲᠠ ᠶᠢᠨ ᠰᠡᠶᠢᠯᠦᠮᠡᠯ ᠱᠠᠭᠠᠵᠠᠩ ᠤᠨ ᠤᠷ᠎ᠠ ᠮᠡᠷᠭᠡᠵᠢᠯ ᠢ ᠥᠪᠡᠷᠲᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠨᠡᠷᠡᠰ ᠲᠤ ᠣᠷᠣᠭᠤᠯᠵᠤ᠂ ᠸᠠᠩ ᠵᠢᠶᠠᠨ ᠶᠦᠩ ᠡᠨᠡ ᠬᠦ ᠪᠣᠳᠠᠰ ᠤᠨ ᠪᠤᠰᠤ ᠰᠣᠶᠣᠯ ᠤᠨ ᠥᠪ ᠤᠨ ᠤᠷ᠎ᠠ ᠮᠡᠷᠭᠡᠵᠢᠯ ᠤᠨ ᠤᠯᠠᠮᠵᠢᠯᠠᠭᠴᠢ ᠪᠣᠯᠤᠭᠰᠠᠨ ᠪᠠᠶᠢᠨ᠎ᠠ᠃      ᠰᠡᠶᠢᠯᠦᠮᠡᠯ ᠱᠠᠭᠠᠵᠠᠩ ᠤᠨ ᠤᠯᠠᠮᠵᠢᠯᠠᠭᠴᠢ ᠪᠣᠯᠤᠭᠰᠠᠨ ᠤ ᠲᠠᠷᠠᠭ᠎ᠠ᠂ ᠲᠡᠷᠡ ᠰᠡᠶᠢᠯᠦᠮᠡᠯ ᠱᠠᠭᠠᠵᠠᠩ ᠤᠨ  ᠭᠠᠷ ᠤᠷᠠᠯᠠᠯ ᠢ ᠬᠡᠷᠬᠢᠨ ᠨᠡᠩ ᠤᠯᠠᠨ ᠵᠠᠯᠠᠭᠤᠴᠤᠳ ᠲᠤ ᠤᠯᠠᠮᠵᠢᠯᠠᠵᠤ ᠥᠭᠬᠦ ᠲᠤᠬᠠᠢ ᠪᠣᠳᠣᠯᠬᠢᠯᠠᠭᠰᠠᠭᠠᠷ ᠢᠷᠡᠭᠰᠡᠨ ᠪᠥᠭᠡᠳ ᠤᠯᠠᠨ ᠠᠵᠢᠯ ᠬᠢᠵᠡᠢ᠃      2007 ᠣᠨ ᠳᠤ᠂ ᠸᠠᠩ ᠵᠢᠶᠠᠨ ᠶᠦᠩ  ᠪᠣᠯᠪᠠᠰᠤᠷᠠᠯ ᠤᠨ ᠲᠥᠪ ᠡᠭᠦᠰᠬᠡᠨ ᠪᠠᠶᠢᠭᠤᠯᠵᠤ᠂ ᠭᠤᠣᠯᠳᠠᠭᠤ ᠰᠡᠶᠢᠯᠦᠮᠡᠯ ᠱᠠᠭᠠᠵᠠᠩ ᠵᠡᠷᠭᠡ ᠤᠯᠠᠮᠵᠢᠯᠠᠯᠲᠤ ᠭᠠᠷ ᠤᠷᠠᠯᠠᠯ ᠤᠨ ᠤᠷᠠᠯᠢᠭ ᠤᠨ ᠪᠦᠲᠦᠭᠡᠯ ᠢ ᠨᠡᠭᠡᠭᠡᠨ ᠬᠥᠭᠵᠢᠭᠦᠯᠵᠦ᠂ ᠰᠢᠨ᠎ᠡ ᠶᠢ ᠡᠭᠦᠳᠦᠨ ᠰᠤᠳᠤᠯᠪᠠ᠃ ᠬᠡᠳᠦᠨ ᠵᠢᠯ ᠤᠨ ᠲᠤᠷᠰᠢ᠂ ᠪᠣᠯᠪᠠᠰᠤᠷᠠᠯ ᠤᠨ ᠲᠥᠪ ᠠᠴᠠ ᠤᠯᠠᠮᠵᠢᠯᠠᠯᠲᠤ ᠭᠠᠷ ᠤᠷᠠᠯᠠᠯ ᠤᠨ ᠤᠷᠠᠯᠢᠭ ᠲᠤ ᠳᠤᠷ᠎ᠠ ᠪᠠᠭ᠋ᠠᠲᠠᠢ ᠪᠥᠭᠡᠳ ᠬᠠᠶᠢᠷᠠᠲᠠᠢ ᠴᠢᠳᠠᠪᠤᠷᠢᠲᠠᠨ ᠢ ᠦᠯᠡᠮᠵᠢ ᠤᠯᠠᠨ ᠢᠶᠠᠷ ᠭᠦᠮᠦᠵᠢᠭᠦᠯᠵᠡᠶ; ᠲᠠᠷᠠ ᠪᠠᠷ ᠪᠠᠰᠠ ᠰᠤᠷᠭᠠᠭᠤᠯᠢ ᠶᠢᠨ ᠬᠦᠷᠢᠶ᠎ᠡ ᠪᠣᠯᠣᠨ ᠨᠡᠶᠢᠭᠡᠮ ᠲᠣᠭᠤᠷᠢᠭ ᠲᠤ ᠬᠦᠷᠴᠦ ᠤᠯᠠᠮᠵᠢᠯᠠᠯᠲᠤ ᠤᠷ᠎ᠠ ᠮᠡᠷᠭᠡᠵᠢᠯ ᠢᠶᠠᠨ ᠤᠯᠠᠮᠵᠢᠯᠠᠬᠤ ᠨᠢ ᠡᠩ ᠤᠨ ᠴᠠᠭ ᠪᠣᠯᠣᠨ ᠤᠶᠤᠨ ᠴᠢᠳᠠᠯ ᠢᠶᠠᠨ ᠬᠠᠮᠤᠭ ᠠᠴᠠ ᠢᠯᠡᠭᠦᠦ ᠵᠠᠷᠤᠴᠠᠭᠤᠯᠳᠠᠭ ᠶᠠᠪᠤᠳᠠᠯ ᠪᠣᠯᠵᠠᠢ᠃      ᠱᠠᠭᠠᠵᠠᠩ ᠰᠡᠶᠢᠯᠬᠦ ᠨᠢ ᠰᠤᠷᠤᠬᠴᠢᠳ ᠤᠨ ᠠᠵᠢᠭᠯᠠᠬᠤ ᠴᠢᠳᠠᠪᠤᠷᠢ᠂ ᠬᠤᠷᠢᠶᠠᠩᠭᠤᠶᠢᠯᠠᠬᠤ ᠴᠢᠳᠠᠪᠤᠷᠢ᠂ ᠭᠤᠸ᠎ᠠ ᠲᠠᠭᠠᠰᠢᠶᠠᠯ ᠤᠨ ᠴᠢᠳᠠᠪᠤᠷᠢ᠂ ᠡᠭᠦᠳᠦᠨ ᠪᠦᠲᠦᠭᠡᠬᠦ ᠴᠢᠳᠠᠪᠤᠷᠢ ᠶᠢ ᠬᠥᠮᠥᠵᠢᠭᠦᠯᠬᠦ ᠪᠠᠷ ᠪᠠᠷᠠᠬᠤ ᠦᠭᠡᠢ᠂ ᠪᠠᠰᠠ ᠰᠤᠷᠤᠬᠴᠢᠳ ᠤᠨ ᠲᠠᠷᠢᠬᠢ ᠬᠥᠳᠡᠯᠭᠡᠬᠦ ᠪᠠ ᠭᠠᠷ ᠬᠥᠳᠡᠯᠬᠦ ᠶᠢ ᠪᠠᠶᠠᠷ ᠪᠠᠶᠠᠰᠬᠤᠯᠠᠩ ᠲᠠᠢ ᠪᠠᠷ ᠰᠤᠷᠭᠠᠵᠤ᠂ ᠭᠠᠷ ᠨᠢᠳᠦᠨ ᠤ ᠵᠣᠬᠢᠴᠠᠭᠤᠯᠬᠤ ᠴᠢᠳᠠᠪᠤᠷᠢ ᠵᠢᠴᠢ ᠨᠠᠷᠢᠯᠢᠭ ᠬᠥᠳᠡᠯᠭᠡᠭᠡᠨ ᠢ ᠰᠠᠶᠢᠲᠤᠷ ᠬᠢᠬᠦ ᠴᠢᠳᠠᠪᠤᠷᠢ ᠶᠢ ᠪᠣᠯᠪᠠᠰᠤᠷᠠᠭᠤᠯᠤᠨ᠎ᠠ᠃ ᠪᠦᠲᠦᠭᠡᠯ ᠪᠦᠷᠢ ᠶᠢᠨ ᠪᠦᠷᠢᠯᠳᠦᠬᠦ ᠶᠠᠪᠤᠴᠠ ᠨᠢ ᠰᠤᠷᠤᠬᠴᠢᠳ ᠢ ᠠᠮᠵᠢᠯᠲᠠ ᠣᠯᠬᠤ ᠰᠡᠳᠬᠢᠯᠭᠡ ᠪᠠ ᠬᠠᠷᠢᠭᠤᠴᠠᠯᠭᠠᠲᠤ ᠰᠡᠳᠬᠢᠯᠭᠡ ᠲᠠᠢ ᠪᠤᠯᠭᠠᠵᠤ᠂ ᠬᠢᠴᠢᠶᠡᠯ ᠳᠡᠭᠡᠷ᠎ᠡ ᠨᠡᠩ ᠢᠯᠡᠭᠦᠦ ᠠᠩᠬᠠᠷᠤᠯ ᠢᠶᠠᠨ ᠲᠥᠪᠯᠡᠷᠡᠭᠦᠯᠵᠦ᠂ ᠳᠠᠰᠬᠠᠯ ᠪᠣᠯᠣᠨ ᠰᠢᠯᠭᠠᠯᠲᠠ ᠪᠠᠨ ᠨᠡᠩ ᠨᠠᠷᠢᠨ ᠬᠢᠨᠠᠮᠠᠭᠠᠢ ᠬᠢᠵᠦ᠂ ᠬᠦᠴᠢᠷ ᠪᠡᠷᠬᠡᠰᠢᠶᠡᠯ ᠢ ᠢᠯᠠᠨ ᠳᠠᠪᠠᠭ᠋ᠤ ᠳᠤ ᠨᠡᠩ ᠬᠦᠯᠢᠴᠡᠩᠭᠦᠢ ᠪᠤᠯᠭᠠᠬᠰᠠᠨ ᠪᠠᠶᠢᠨ᠎ᠠ᠃      ︽ᠪᠢ ᠨᠡᠩ ᠣᠯᠠᠨ ᠵᠠᠯᠠᠭᠤᠴᠤᠳ ᠢ ᠳᠠᠶᠢᠴᠢᠯᠠᠨ ᠰᠡᠶᠢᠯᠦᠮᠡᠯ ᠱᠠᠭᠠᠵᠠᠩ ᠢ ᠣᠶᠢᠯᠠᠭᠠᠭᠤᠯᠵᠤ᠂ ᠰᠡᠶᠢᠯᠦᠮᠡᠯ ᠱᠠᠭᠠᠵᠠᠩ ᠢ ᠪᠠᠭ᠋ᠠᠷᠬᠠᠨ᠂ ᠲᠡᠳᠡᠨᠡᠷ ᠢᠶᠠᠷ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠨ ᠵᠠᠯᠭᠠᠮᠵᠢᠯᠠᠭᠤᠯᠤᠶ᠎ᠠ ᠭᠡᠵᠦ ᠪᠤᠳᠣᠵᠤ ᠪᠠᠶᠢᠨ᠎ᠠ︾ ᠭᠡᠵᠦ ᠸᠠᠩ ᠵᠢᠶᠠᠨ ᠶᠦᠩ ᠬᠡᠯᠡᠬᠦ ᠶᠢᠨ ᠳᠠᠭᠠᠤ᠂ ᠰᠡᠶᠢᠯᠦᠮᠡᠯ ᠱᠠᠭᠠᠵᠠᠩ ᠤᠨ ᠤᠷ᠎ᠠ ᠮᠡᠷᠭᠡᠵᠢᠯ ᠢ ᠵᠠᠪᠠᠯ ᠨᠠᠩ ᠰᠠᠶᠢᠲᠤᠷ ᠤᠯᠠᠮᠵᠢᠯᠠᠨ ᠵᠠᠯᠭᠠᠮᠵᠢᠯᠠᠬᠤ ᠬᠡᠷᠡᠭᠲᠡᠢ᠂ ᠤᠴᠢᠷ ᠨᠢ ᠰᠡᠶᠢᠯᠦᠮᠡᠯ ᠱᠠᠭᠠᠵᠠᠩ ᠤᠨ ᠤᠷ᠎ᠠ ᠮᠡᠷᠭᠡᠵᠢᠯ ᠢ ᠦᠯᠡᠳᠡᠭᠡᠬᠦ ᠪᠣᠯ  ᠲᠡᠦᠬᠡᠨ ᠳᠤ ᠦᠯᠡᠳᠡᠭᠡᠵᠦ᠂ ᠳᠤᠮᠳᠠᠳᠤ ᠤᠯᠤᠰ ᠤᠨ ᠤᠯᠠᠮᠵᠢᠯᠠᠯᠲᠤ ᠰᠣᠶᠣᠯ ᠢ ᠤᠯᠠᠮᠵᠢᠯᠠᠨ ᠵᠠᠯᠭᠠᠮᠵᠢᠯᠠᠵᠤ ᠪᠠᠶᠢᠭ᠎ᠠ ᠶᠠᠪᠤᠳᠠᠯ ᠮᠥᠨ ᠭᠡᠯ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1