ᠲᠣᠭᠲᠠᠬᠤ ᠰᠢᠶᠠᠨ ᠤ ᠳᠠᠩᠰᠠ ᠡᠪᠬᠡᠮᠡᠯ ᠤᠨ ᠣᠷᠳᠣᠨ ᠤ ᠳᠠᠩᠰᠠ ᠡᠪᠬᠡᠮᠡᠯ ᠤᠨ ᠮᠠᠲ᠋ᠧᠷᠢᠶᠠᠯ ᠴᠤᠭᠯᠠᠭᠤᠯᠬᠤ ᠲᠤᠬᠠᠢ ᠵᠠᠷᠯᠠᠯ
ᠨᠡᠶᠢᠲᠡᠯᠡᠭᠰᠡᠨ ᠴᠠᠭ᠄
2024/3/19
      ᠲᠣᠭᠲᠠᠬᠤ ᠰᠢᠶᠠᠨ ᠤ ᠳᠠᠩᠰᠠ ᠡᠪᠬᠡᠮᠡᠯ ᠤᠨ ᠣᠷᠳᠣᠨ ᠤ ᠬᠠᠳᠠᠭᠠᠯᠠᠮᠵᠢ ᠶᠢᠨ ᠡᠬᠢ ᠪᠠᠶᠠᠯᠢᠭ ᠢ ᠤᠯᠠᠮ ᠨᠢᠭᠡ ᠠᠯᠬᠤᠮ ᠪᠠᠶᠠᠯᠢᠭᠵᠢᠭᠤᠯᠬᠤ ᠶᠢᠨ ᠲᠥᠯᠥᠭᠡ᠂ ᠲᠣᠭᠲᠠᠬᠤ ᠰᠢᠶᠠᠨ ᠤ ᠤᠯᠤᠰ ᠲᠥᠷᠥ᠂ ᠠᠵᠤ ᠠᠬᠤᠢ᠂ ᠴᠡᠷᠢᠭ ᠤᠨ ᠶᠠᠪᠤᠳᠠᠯ᠂ ᠰᠢᠨᠵᠢᠯᠡᠬᠦ ᠤᠬᠠᠭᠠᠨ᠂ ᠮᠡᠷᠭᠡᠵᠢᠯ᠂ ᠰᠣᠶᠣᠯ ᠵᠡᠷᠭᠡ ᠲᠠᠯ᠎ᠠ ᠶᠢᠨ ᠲᠡᠦᠬᠡ ᠶᠢᠨ ᠦᠨᠡᠨ ᠪᠣᠳᠠᠲᠠᠢ ᠳᠦᠷᠰᠦ ᠪᠠᠶᠢᠳᠠᠯ ᠢ ᠪᠦᠬᠦ ᠲᠠᠯ᠎ᠠ  ᠪᠠᠷ ᠦᠯᠡᠳᠡᠭᠡᠨ ᠬᠠᠳᠠᠭᠠᠯᠠᠵᠤ᠂ ᠪᠦᠬᠦ ᠰᠢᠶᠠᠨ ᠤ ᠠᠵᠤ ᠠᠬᠤᠢ ᠶᠢᠨ ᠬᠥᠭᠵᠢᠯᠲᠡ ᠪᠠ ᠰᠣᠶᠣᠯ ᠤᠨ ᠪᠦᠲᠦᠭᠡᠨ ᠪᠠᠶᠢᠭᠤᠯᠤᠯᠲᠠ ᠳᠤ ᠨᠡᠩ ᠰᠠᠶᠢᠨ ᠦᠢᠯᠡᠴᠢᠯᠡᠵᠦ᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠠᠩᠰᠠ ᠡᠪᠬᠡᠮᠡᠯ ᠤᠨ ᠬᠠᠤᠯᠢ︾ ᠪᠣᠯᠣᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠩᠰᠠ ᠡᠪᠬᠡᠮᠡᠯ ᠤᠨ ᠬᠠᠮᠢᠶᠠᠷᠤᠯᠲᠠ ᠶᠢᠨ ᠳᠦᠷᠢᠮ︾ ᠵᠡᠷᠭᠡ ᠬᠠᠤᠯᠢ ᠴᠠᠭᠠᠵᠠ ᠬᠠᠤᠯᠢ ᠲᠣᠭᠲᠠᠭᠠᠯ ᠤᠨ ᠬᠤᠯᠪᠣᠭᠳᠠᠯ ᠪᠦᠬᠦᠢ ᠲᠣᠭᠲᠠᠭᠠᠯ ᠢ ᠦᠨᠳᠦᠰᠦᠯᠡᠨ᠂ ᠡᠳᠦᠭᠡ ᠪᠥᠬᠦ ᠰᠢᠶᠠᠨ ᠤ ᠡᠯ᠎ᠡ ᠪᠠᠶᠢᠭᠤᠯᠤᠯᠭ᠎ᠠ᠂ ᠪᠦᠯᠬᠦᠮ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠵᠡᠷᠭᠡ ᠠᠯᠢᠪᠠ ᠵᠣᠬᠢᠶᠠᠨ ᠪᠠᠶᠢᠭᠤᠯᠤᠯᠲᠠ ᠪᠣᠯᠣᠨ ᠬᠤᠪᠢ ᠬᠥᠮᠥᠨ ᠠᠴᠠ ᠨᠡᠶᠢᠭᠡᠮ ᠳᠡᠭᠡᠷ᠎ᠡ ᠬᠠᠳᠠᠭᠠᠯᠠᠵᠤ ᠪᠠᠶᠢᠭ᠎ᠠ ᠤᠯᠤᠰ ᠪᠠ ᠨᠡᠶᠢᠭᠡᠮ ᠳᠤ ᠬᠠᠳᠠᠭᠠᠯᠠᠬᠤ ᠦᠨ᠎ᠡ ᠥᠷᠲᠡᠭ ᠲᠠᠢ ᠡᠯ᠎ᠡ ᠵᠦᠢᠯ ᠤᠨ ᠲᠠᠩᠰᠠ ᠡᠪᠬᠡᠮᠡᠯ ᠤᠨ ᠮᠠᠲ᠋ᠧᠷᠢᠶᠠᠯ ᠢ ᠥᠷᠭᠡᠨ ᠢᠶᠠᠷ ᠴᠤᠭᠯᠠᠭᠤᠯᠵᠤ᠂ ᠬᠠᠮᠢᠶ᠎ᠠ ᠪᠦᠬᠦᠢ ᠵᠦᠢᠯᠡᠰ ᠢ ᠣᠨᠴᠣᠭᠤᠶᠢᠯᠠᠨ ᠳᠣᠣᠷᠠᠬᠢ ᠮᠡᠲᠦ ᠵᠠᠷᠯᠠᠶ᠎ᠠ᠄      ᠨᠢᠭᠡ᠂  ᠴᠤᠭᠯᠠᠭᠤᠯᠬᠤ ᠬᠡᠪᠴᠢᠶ᠎ᠡ      ︵ᠨᠢᠭᠡ  ᠪᠦᠬᠦ ᠰᠢᠶᠠᠨ ᠤ ᠡᠯ᠎ᠡ ᠲᠡᠦᠬᠡᠨ ᠴᠠᠭ ᠦᠶ᠎ᠡ ᠳᠤ ᠡᠭᠦᠰᠦᠭᠰᠡᠨ ᠴᠢᠬᠤᠯᠠ ᠶᠡᠭᠡ ᠠᠵᠢᠯᠯᠠᠭ᠎ᠠ᠂ ᠴᠢᠬᠤᠯᠠ ᠶᠡᠭᠡ ᠬᠡᠷᠡᠭ ᠶᠠᠪᠤᠳᠠᠯ ᠠᠴᠠ ᠪᠤᠢ ᠪᠣᠯᠤᠭᠰᠠᠨ ᠡᠯ᠎ᠡ ᠲᠦᠷᠦᠯ ᠤᠨ ᠳᠠᠩᠰᠠ ᠡᠪᠬᠡᠮᠡᠯ ᠤᠨ ᠮᠠᠲ᠋ᠧᠷᠢᠶᠠᠯ᠃      ︵ᠬᠤᠶᠠᠷ︶ ᠪᠦᠬᠦ ᠰᠢᠶᠠᠨ ᠤ ᠦᠨᠳᠦᠰᠦᠲᠡᠨ᠂ ᠱᠠᠰᠢᠨ ᠰᠤᠷᠲᠠᠬᠤᠨ᠂ ᠰᠣᠶᠣᠯ᠂ ᠰᠤᠷᠭᠠᠨ ᠬᠥᠮᠦᠵᠢᠯ᠂ ᠠᠷᠠᠳ ᠤᠨ ᠵᠠᠩ ᠰᠤᠷᠲᠠᠯ᠂ ᠵᠠᠩ ᠳᠠᠳᠬᠠᠯ᠂ ᠭᠠᠵᠠᠷ ᠣᠷᠣᠨ ᠤ ᠳᠦᠷᠰᠦ ᠪᠠᠶᠢᠳᠠᠯ᠂ ᠣᠷᠣᠨ ᠨᠤᠲᠤᠭ ᠤᠨ ᠵᠠᠩ ᠠᠭᠠᠯᠢ᠂ ᠬᠤᠳᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢ ᠲᠤᠰᠬᠠᠭᠰᠠᠨ ᠡᠯ᠎ᠡ ᠵᠦᠢᠯ ᠤᠨ ᠳᠠᠩᠰᠠ ᠡᠪᠬᠡᠮᠡᠯ ᠤᠨ ᠮᠠᠲ᠋ᠧᠷᠢᠶᠠᠯ ᠤᠳ᠃      ︵ᠭᠤᠷᠪᠠ︶ ᠨᠠᠮ ᠪᠠ ᠲᠦᠷᠦ ᠶᠢᠨ ᠬᠤᠭᠤᠴᠠᠭ᠎ᠠ ᠪᠦᠷᠢ ᠶᠢᠨ ᠤᠳᠤᠷᠢᠳᠬᠤ ᠬᠥᠮᠥᠰ ᠤᠨ ᠪᠠᠶᠢᠴᠠᠭᠠᠨ ᠦᠵᠡᠬᠦ ᠠᠵᠢᠯᠯᠠᠭ᠎ᠠ ᠶᠢᠨ ᠤᠶᠢᠰᠦᠭ ᠪᠢᠴᠢᠭ᠂ ᠭᠡᠷᠡᠯ ᠵᠢᠷᠤᠭ᠂ ᠳᠦᠷᠰᠦ ᠰᠢᠩᠭᠡᠭᠡᠯᠲᠡ ᠶᠢᠨ ᠲᠠᠶᠢᠫ᠂ ᠯᠠᠶᠢᠰᠧᠷ ᠳ᠋ᠢᠰᠺ᠂ ᠪᠣᠳᠠᠲᠤ ᠶᠠᠭᠤᠮ᠎ᠠ ᠵᠡᠷᠭᠡ᠃      ︵ᠳᠥᠷᠪᠡ︶ ᠡᠯ᠎ᠡ ᠰᠠᠯᠠᠭ᠎ᠠ ᠮᠥᠴᠢᠷ ᠪᠤᠶᠤ ᠪᠦᠯᠬᠦᠮ᠂ ᠬᠤᠪᠢ ᠬᠥᠮᠥᠨ ᠤ ᠨᠠᠶᠢᠷᠠᠭᠤᠯᠤᠨ ᠬᠡᠪᠯᠡᠭᠰᠡᠨ ᠡᠯ᠎ᠡ ᠲᠦᠷᠦᠯ ᠤᠨ ᠭᠠᠵᠠᠷ ᠤᠨ ᠵᠢᠷᠤᠭ᠂ ᠲᠡᠦᠬᠡ᠂ ᠣᠶᠢᠯᠠᠯᠭ᠎ᠠ᠂ ᠲᠣᠯᠢ᠂ ᠨᠣᠮ ᠪᠢᠴᠢᠭ᠂ ᠰᠣᠨᠢᠨ ᠰᠡᠳᠬᠦᠯ᠂ ᠵᠢᠷᠤᠭᠲᠤ ᠳᠡᠪᠲᠡᠷ᠂ ᠵᠢᠷᠤᠭ ᠤᠨ ᠲᠡᠭᠦᠪᠦᠷᠢ᠂ ᠲᠤᠯᠭᠤᠷ ᠪᠢᠴᠢᠭ᠂ ᠭᠡᠷ ᠤᠨ ᠴᠠᠳᠢᠭ᠂ ᠣᠨ ᠤ ᠴᠠᠳᠢᠭ᠂ ᠠᠷᠠᠳ ᠤᠨ ᠵᠦᠢᠷ ᠦᠭᠡ᠂ ᠠᠷᠠᠳ ᠤᠨ ᠳᠠᠭᠤᠤ ᠵᠡᠷᠭᠡ᠃      ︵ᠲᠠᠪᠤ︶ ᠪᠦᠬᠦ ᠰᠢᠶᠠᠨ ᠤ ᠡᠯ᠎ᠡ ᠲᠡᠦᠬᠡᠨ ᠴᠠᠭ ᠦᠶ᠎ᠡ ᠶᠢᠨ ᠠᠵᠤ ᠦᠢᠯᠡᠳᠪᠦᠷᠢ᠂ ᠲᠠᠷᠢᠶᠠᠯᠠᠩ᠂ ᠬᠤᠳᠠᠯᠳᠤᠭ᠎ᠠ᠂ ᠭᠠᠷ ᠦᠢᠯᠡᠳᠪᠦᠷᠢ ᠵᠡᠷᠭᠡ ᠡᠯ᠎ᠡ ᠠᠵᠢᠯ ᠲᠦᠷᠦᠯ ᠤᠨ ᠣᠨᠴᠠᠯᠢᠭ ᠢ ᠲᠤᠰᠬᠠᠭᠰᠠᠨ ᠲᠠᠩᠰᠠ ᠡᠪᠬᠡᠮᠡᠯ ᠤᠨ ᠮᠠᠲ᠋ᠧᠷᠢᠶᠠᠯ᠃      ︵ᠵᠢᠷᠭᠤᠭ᠎ᠠ︶ ᠪᠦᠬᠦ ᠰᠢᠶᠠᠨ ᠤ ᠬᠤᠪᠢᠰᠬᠠᠯᠲᠤ ᠲᠡᠮᠡᠴᠡᠯ ᠤᠨ ᠲᠡᠦᠬᠡ ᠶᠢ ᠲᠤᠰᠬᠠᠭᠰᠠᠨ ᠪᠢᠴᠢᠭ ᠮᠠᠲ᠋ᠧᠷᠢᠶᠠᠯ ᠂ ᠴᠠᠬᠢᠯᠭᠠᠨ ᠮᠡᠳᠡᠭᠡ᠂ ᠤᠬᠠᠭᠤᠯᠭ᠎ᠠ ᠶᠢᠨ ᠬᠠᠭᠤᠳᠠᠰᠤ᠂ ᠨᠡᠷᠡᠰ ᠤᠨ ᠲᠠᠩᠰᠠ᠂ ᠰᠣᠨᠢᠨ ᠰᠡᠳᠬᠦᠯ᠂ ᠲᠠᠮᠠᠭ᠎ᠠ ᠵᠡᠷᠭᠡ ᠵᠢᠴᠢ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ᠂ ᠦᠨᠳᠦᠰᠦᠲᠡᠨ ᠤ ᠪᠠᠭᠠᠲᠤᠷᠴᠤᠳ᠂ ᠡᠬᠡ ᠣᠷᠣᠨᠴᠢ ᠬᠥᠮᠥᠰ ᠤᠨ ᠦᠯᠡᠳᠡᠭᠡᠭᠰᠡᠨ ᠶᠠᠭᠤᠮ᠎ᠠ᠂ ᠵᠣᠬᠢᠶᠠᠯ ᠪᠦᠲᠦᠭᠡᠯ᠂ ᠨᠠᠮᠲᠠᠷ ᠵᠡᠷᠭᠡ ᠡᠯ᠎ᠡ ᠵᠦᠢᠯ ᠤᠨ ᠮᠠᠲ᠋ᠧᠷᠢᠶᠠᠯ ᠤᠳ᠃      ︵ᠳᠣᠯᠤᠭ᠎ᠠ︶ ᠲᠣᠭᠲᠠᠬᠤ ᠰᠢᠶᠠᠨ ᠪᠠᠶᠢᠭᠤᠯᠤᠭᠳᠠᠭᠰᠠᠨ   ᠠᠴᠠ ᠨᠠᠰᠢᠬᠢ ᠯᠤᠲᠤ ᠶᠡᠭᠡ ᠬᠤᠪᠢᠷᠠᠯᠲᠠ ᠶᠢ ᠲᠤᠰᠬᠠᠭᠰᠠᠨ ᠡᠯ᠎ᠡ ᠲᠥᠷᠥᠯ ᠤᠨ ᠪᠢᠴᠢᠭ ᠮᠠᠲ᠋ᠧᠷᠢᠶᠠᠯ᠂ ᠵᠢᠷᠤᠭ ᠬᠦᠰᠦᠨᠦᠭᠲᠦ᠂ ᠲᠠᠭᠤ ᠳᠦᠷᠰᠦ ᠪᠠ ᠪᠣᠳᠠᠲᠤ ᠪᠣᠳᠠᠰ ᠵᠡᠷᠭᠡ᠃      ︵ᠨᠠᠢᠮᠠ︶ ᠲᠣᠭᠲᠠᠬᠤ ᠰᠢᠶᠠᠨ ᠤ ᠨᠡᠷᠡᠲᠦ ᠠᠵᠤ ᠠᠬᠤᠶᠢᠯᠠᠯ᠂ ᠨᠡᠷᠡᠲᠦ ᠪᠦᠲᠦᠭᠡᠭᠳᠡᠬᠦᠨ᠂ ᠨᠤᠲᠤᠭ ᠤᠨ ᠣᠨᠴᠠ ᠭᠠᠷᠤᠯᠲᠠ ᠶᠢᠨ ᠳᠠᠩᠰᠠ ᠡᠪᠬᠡᠮᠡᠯ ᠤᠨ ᠮᠠᠲ᠋ᠧᠷᠢᠶᠠᠯ᠃      ︵ᠶᠢᠰᠦ︶ ᠪᠦᠬᠦ ᠤᠯᠤᠰ ᠲᠤ ᠴᠢᠬᠤᠯᠠ ᠨᠥᠯᠥᠭᠡ ᠲᠠᠢ ᠲᠣᠭᠲᠠᠬᠤ ᠰᠢᠶᠠᠨ ᠪᠤᠶᠤ ᠲᠣᠭᠲᠠᠬᠤ ᠰᠢᠶᠠᠨ ᠳᠤ ᠠᠵᠢᠯᠯᠠᠵᠤ ᠥᠩᠭᠡᠷᠡᠭᠰᠡᠨ ᠡᠯ᠎ᠡ ᠡᠲᠡᠭᠡᠳ ᠤᠨ ᠬᠢᠨ᠂ ᠡᠯ᠎ᠡ ᠠᠵᠢᠯ ᠲᠦᠷᠦᠯ ᠤᠨ ᠠᠯᠳᠠᠷᠲᠤ ᠬᠥᠮᠥᠰ ᠤᠨ ᠲᠠᠩᠰᠠ ᠡᠪᠬᠡᠮᠡᠯ᠃      ︵ᠠᠷᠪᠠ︶ ᠪᠦᠬᠦ ᠰᠢᠶᠠᠨ ᠤ ᠴᠥᠭᠡᠨ ᠲᠣᠭᠠᠲᠤ ᠦᠨᠳᠦᠰᠦᠲᠡᠨ ᠤ ᠬᠥᠭᠵᠢᠯᠲᠡ ᠶᠢᠨ ᠲᠡᠦᠬᠡ᠂ ᠰᠣᠶᠣᠯ᠂ ᠱᠠᠰᠢᠨ ᠰᠤᠷᠲᠠᠬᠤᠨ᠂ ᠵᠠᠩ ᠳᠠᠳᠬᠠᠯ ᠵᠡᠷᠭᠡ ᠲᠠᠯ᠎ᠠ ᠶᠢᠨ ᠳᠠᠩᠰᠠ ᠡᠪᠬᠡᠮᠡᠯ᠃      ︵ᠠᠷᠪᠠᠨ ᠨᠢᠭᠡ︶ ᠤᠳᠬ᠎ᠠ ᠵᠣᠬᠢᠶᠠᠯ ᠤᠨ ᠪᠦᠲᠦᠭᠡᠯ᠂  ᠬᠤᠪᠢ ᠬᠥᠮᠥᠨ ᠤ ᠪᠦᠲᠦᠭᠡᠯ᠂ ᠬᠠᠮᠲᠤᠷᠠᠭᠤᠯᠤᠭᠰᠠᠨ ᠪᠦᠲᠦᠭᠡᠯ᠂ ᠭᠡᠷᠡᠯ ᠵᠢᠷᠤᠭ᠂ ᠳᠦᠷᠰᠦ ᠰᠢᠩᠭᠡᠭᠡᠯᠲᠡ ᠶᠢᠨ ᠪᠦᠲᠦᠭᠡᠯ᠂ ᠤᠷᠠᠨ ᠪᠢᠴᠢᠯᠭᠡ᠂ ᠤᠷᠠᠨ ᠵᠢᠷᠤᠭ ᠤᠨ ᠪᠦᠲᠦᠭᠡᠯ᠂ ᠠᠷᠠᠳ ᠤᠨ ᠤᠷᠠᠯᠢᠭ ᠤᠨ ᠪᠦᠲᠦᠭᠡᠯ᠂ ᠪᠥᠵᠢᠭ᠂ ᠳᠠᠭᠤᠯᠠᠯᠳᠤ ᠤᠷᠠᠯᠢᠭ ᠤᠨ ᠪᠦᠲᠦᠭᠡᠯ᠂ ᠶᠠᠷᠢᠶᠠᠲᠤ ᠵᠦᠴᠦᠭᠡ ᠶᠢᠨ ᠳᠡᠪᠲᠡᠷ᠂ ᠱᠤᠭ ᠵᠦᠴᠦᠭᠡ ᠶᠢᠨ ᠳᠡᠪᠲᠡᠷ᠂ ᠪᠢᠴᠢᠯ ᠺᠢᠨᠣ᠋ ᠶᠢᠨ ᠵᠦᠴᠦᠭᠡ ᠶᠢᠨ ᠳᠡᠪᠲᠡᠷ᠂ ᠺᠠᠷᠲ᠋ᠣᠨ ᠵᠢᠷᠤᠭ ᠤᠨ ᠲᠦᠷᠦᠯ ᠤᠨ ᠪᠦᠲᠦᠭᠡᠯ᠂ ᠪᠢᠴᠢᠯ ᠸᠢᠳᠢᠤ᠋᠂ ᠪᠤᠰᠤᠳ ᠲᠥᠯᠥᠭᠡᠯᠡᠬᠦ ᠴᠢᠨᠠᠷᠲᠠᠢ ᠤᠳᠬ᠎ᠠ ᠤᠷᠠᠯᠢᠭ ᠤᠨ ᠪᠦᠲᠦᠭᠡᠯ᠃      ︵ᠠᠷᠪᠠᠨ ᠬᠤᠶᠠᠷ︶ ᠨᠢᠭᠡᠴᠢ ᠶᠢᠨ ᠣᠯᠣᠭᠰᠠᠨ ᠡᠯ᠎ᠡ ᠵᠦᠢᠯ ᠤᠨ ᠱᠠᠩᠨᠠᠯ ᠤᠨ ᠪᠢᠴᠢᠭ᠂ ᠱᠠᠩᠨᠠᠯ ᠤᠨ ᠬᠤᠨᠳᠠᠭ᠎ᠠ᠂ ᠱᠠᠩᠨᠠᠯ ᠤᠨ ᠮᠧᠳᠠᠯ᠂ ᠬᠡᠮᠡᠷᠯᠢᠭ ᠲᠤᠬ᠂ ᠢᠷᠠᠭᠤ ᠠᠯᠳᠠᠷ ᠤᠨ ᠦᠨᠡᠮᠯᠡᠯ᠂ ᠢᠷᠠᠭᠤ ᠠᠯᠳᠠᠷ ᠤᠨ ᠳᠡᠪᠲᠡᠷ᠂ ᠨᠢᠭᠡᠴᠢ ᠪᠠᠶᠢᠭᠤᠯᠤᠭᠳᠠᠭᠰᠠᠨ ᠠᠴᠠ ᠨᠠᠰᠢ ᠬᠡᠷᠡᠭᠯᠡᠵᠦ ᠥᠩᠭᠡᠷᠡᠭᠰᠡᠨ ᠫᠠᠶᠢᠰᠠ᠂ ᠢᠯᠡᠷᠬᠡᠶᠢᠯᠡᠯ ᠵᠡᠷᠭᠡ᠃ ᠪᠠᠶᠢᠭᠤᠯᠭ᠎ᠠ ᠶᠢᠨ ᠢᠶᠠᠨ ᠭᠠᠳᠠᠭᠠᠳᠤ ᠬᠠᠷᠢᠯᠴᠠᠭᠠᠨ ᠤ ᠳᠤᠮᠳᠠ ᠪᠡᠯᠡᠭᠯᠡᠭᠰᠡᠨ ᠴᠢᠬᠤᠯᠠ ᠳᠤᠷᠠᠰᠬᠠᠯ ᠤᠨ ᠡᠳ᠋᠃      ︵ᠠᠷᠪᠠᠨ ᠭᠤᠷᠪᠠ︶ ᠺᠠᠳ᠋ᠷ ᠤᠨ ᠲᠤᠰᠢᠶᠠᠯ ᠤᠨ ᠠᠵᠢᠯᠯᠠᠭ᠎ᠠ ᠶᠢᠨ ᠳᠤᠮᠳᠠ ᠣᠯᠣᠭᠰᠠᠨ ᠱᠠᠩᠨᠠᠯ ᠤᠨ ᠪᠢᠴᠢᠭ ᠂ ᠱᠠᠩᠨᠠᠯ ᠤᠨ ᠬᠤᠨᠳᠠᠭ᠎ᠠ᠂ ᠱᠠᠩᠨᠠᠯ ᠤᠨ ᠮᠧᠳᠠᠯ᠂ ᠬᠡᠮᠡᠷᠯᠢᠭ ᠲᠤᠬ᠂ ᠢᠷᠠᠭᠤ ᠠᠯᠳᠠᠷ ᠤᠨ ᠦᠨᠡᠮᠯᠡᠯ᠂ ᠢᠷᠠᠭᠤ ᠠᠯᠳᠠᠷ ᠤᠨ ᠳᠡᠪᠲᠡᠷ ᠵᠡᠷᠭᠡ ᠶᠢ ᠬᠤᠪᠢ ᠬᠥᠮᠥᠨ ᠳᠤ ᠲᠡᠩᠰᠡᠯᠡᠵᠦ ᠣᠷᠣᠭᠤᠯᠤᠨ᠎ᠠ᠃      ︵ᠠᠷᠪᠠᠨ ᠲᠦᠷᠪᠡ︶ ᠪᠤᠰᠤᠳ ᠣᠨᠴᠠᠭᠠᠶ ᠠᠴᠢ ᠬᠤᠯᠪᠣᠭᠳᠠᠯ ᠲᠠᠢ ᠲᠡᠩᠰᠠ ᠡᠪᠬᠡᠮᠡᠯ ᠤᠨ ᠮᠠᠲ᠋ᠧᠷᠢᠶᠠᠯ ᠬᠢᠭᠡᠳ ᠪᠣᠳᠠᠲᠤ ᠶᠠᠭᠤᠮ᠎ᠠ᠃      ᠬᠤᠶᠠᠷ᠂  ᠴᠤᠭᠯᠠᠭᠤᠯᠬᠤ ᠠᠷᠭ᠎ᠠ      ᠲᠣᠰ ᠤᠳᠠᠭᠠᠨ ᠤ ᠡᠯᠰᠡᠯᠲᠡ ᠳᠤ ᠪᠡᠯᠡᠭᠯᠡᠨ ᠬᠦᠷᠭᠡᠬᠦ ᠪᠠᠷ ᠭᠤᠣᠯ ᠪᠣᠯᠭᠠᠵᠤ᠂ ᠬᠠᠳᠠᠭᠠᠯᠠᠭᠤᠯᠬᠤ᠂ ᠪᠠᠭᠤᠯᠭᠠᠬᠤ ᠵᠡᠷᠭᠡ ᠠᠷᠭ᠎ᠠ ᠮᠠᠶ᠋ᠢᠭ ᠢᠶᠠᠷ ᠴᠤ ᠪᠣᠯᠣᠨ᠎ᠠ᠃      ︵ᠨᠢᠭᠡ︶ ᠪᠡᠯᠡᠭᠯᠡᠨ ᠬᠦᠷᠭᠡᠭᠰᠡᠨ ᠳᠠᠩᠰᠠ ᠡᠪᠬᠡᠮᠡᠯ ᠤᠨ ᠮᠠᠲ᠋ᠧᠷᠢᠶᠠᠯ ᠨᠢ ᠴᠥᠮ ᠤᠯᠤᠰ ᠤᠨ ᠥᠮᠴᠢᠯᠡᠯ ᠳᠤ ᠬᠠᠷᠢᠶᠠᠯᠠᠭᠳᠠᠨ᠎ᠠ᠃ ᠰᠢᠶᠠᠨ ᠤ ᠳᠠᠩᠰᠠ ᠡᠪᠬᠡᠮᠡᠯ ᠤᠨ ᠭᠠᠵᠠᠷ ᠴᠤᠭᠯᠠᠭᠤᠯᠤᠭᠰᠠᠨ ᠳᠠᠩᠰᠠ ᠡᠪᠬᠡᠮᠡᠯ ᠤᠨ ᠮᠠᠲ᠋ᠧᠷᠢᠶᠠᠯ ᠢᠶᠠᠨ ᠡᠮᠬᠢᠳᠬᠡᠨ ᠬᠠᠳᠠᠭᠠᠯᠠᠬᠤ ᠶᠢᠨ ᠬᠠᠮᠲᠤ ᠲᠣᠭᠲᠠᠭᠠᠯ ᠶᠣᠰᠣᠭᠠᠷ ᠨᠡᠶᠢᠭᠡᠮ ᠳᠤ ᠬᠠᠩᠭᠠᠨ ᠠᠰᠢᠭᠯᠠᠭᠤᠯᠤᠨ᠎ᠠ᠃ ᠬᠠᠨᠳᠢᠪᠯᠡᠨ ᠬᠦᠷᠭᠡᠭᠰᠡᠨ ᠡᠳ᠋ ᠪᠣᠳᠠᠰ ᠨᠢ ᠨᠡᠯᠢᠶᠡᠳ ᠠᠷᠪᠢᠨ᠂ ᠦᠨ᠎ᠡ ᠥᠷᠲᠡᠭ ᠨᠢ ᠨᠡᠯᠢᠶᠡᠳ ᠥᠨᠳᠥᠷ ᠪᠠᠶᠢᠪᠠᠯ᠂ ᠰᠢᠶᠠᠨ ᠤ ᠲᠠᠩᠰᠠ ᠡᠪᠬᠡᠮᠡᠯ ᠤᠨ ᠣᠷᠳᠣᠨ   ᠠᠴᠠ ᠬᠠᠨᠳᠢᠪᠯᠡᠨ ᠬᠦᠷᠭᠡᠭᠴᠢ ᠳᠤ ᠴᠢᠬᠤᠯᠠ ᠶᠡᠭᠡ ᠬᠤᠪᠢ ᠨᠡᠮᠡᠷᠢ ᠦᠵᠡᠭᠦᠯᠦᠭᠰᠡᠨ ᠱᠠᠩᠨᠠᠯ ᠤᠨ ᠮᠧᠳᠠᠯ ᠣᠯᠭᠤᠨ᠎ᠠ᠃      ︵ᠬᠤᠶᠠᠷ︶ ᠪᠡᠯᠡᠭᠯᠡᠨ ᠬᠦᠷᠭᠡᠭᠰᠡᠨ ᠳᠠᠩᠰᠠ ᠡᠪᠬᠡᠮᠡᠯ ᠤᠨ ᠮᠠᠲ᠋ᠧᠷᠢᠶᠠᠯ ᠳᠤ ᠬᠤᠯᠪᠣᠭᠳᠠᠯ ᠪᠦᠬᠦᠢ ᠲᠣᠭᠲᠠᠭᠠᠯ ᠪᠠ ᠵᠢᠷᠤᠮ ᠤᠨ ᠶᠣᠰᠣᠭᠠᠷ᠂ ᠰᠢᠶᠠᠨ ᠤ ᠳᠠᠩᠰᠠ ᠡᠪᠬᠡᠮᠡᠯ ᠤᠨ ᠣᠷᠳᠣᠨ ᠬᠢᠨᠠᠨ ᠲᠣᠭᠲᠠᠭᠠᠯᠲᠠ ᠪᠠᠷ ᠳᠠᠮᠵᠢᠭᠤᠯᠤᠨ ᠲᠡᠭᠦᠨ ᠲᠠᠢ ᠲᠤᠰᠢᠶᠠᠬᠤ ᠪᠠ ᠬᠦᠯᠢᠶᠡᠨ ᠠᠪᠬᠤ ᠭᠠᠷ ᠭᠦᠢᠴᠡᠳᠬᠡᠯ ᠢ ᠭᠦᠢᠴᠡᠳᠬᠡᠬᠦ ᠶᠢᠨ ᠬᠠᠮᠲᠤ ᠢᠷᠠᠭᠤ ᠠᠯᠳᠠᠷ ᠤᠨ ᠦᠨᠡᠮᠯᠡᠯ ᠣᠯᠭᠤᠨ᠎ᠠ᠃ ᠳᠠᠩᠰᠠ ᠡᠪᠬᠡᠮᠡᠯ ᠤᠨ ᠮᠠᠲ᠋ᠧᠷᠢᠶᠠᠯ ᠢ ᠬᠠᠨᠳᠢᠪᠯᠡᠨ ᠬᠦᠷᠭᠡᠭᠴᠢ ᠨᠢ ᠲᠡᠭᠦᠨ ᠤ ᠬᠠᠨᠳᠢᠪᠯᠡᠨ ᠬᠦᠷᠭᠡᠭᠰᠡᠨ ᠳᠠᠩᠰᠠ ᠡᠪᠬᠡᠮᠡᠯ ᠤᠨ ᠮᠠᠲ᠋ᠧᠷᠢᠶᠠᠯ ᠢᠶᠠᠨ ᠤᠷᠢᠳᠠᠪᠠᠷ ᠠᠰᠢᠭᠯᠠᠬᠤ ᠡᠷᠬᠡ ᠲᠠᠢ ᠪᠥᠭᠡᠳ ᠨᠡᠶᠢᠭᠡᠮ ᠨᠡᠶᠢᠲᠡ ᠳᠤ ᠨᠡᠭᠡᠭᠡᠬᠦ ᠳᠤ ᠲᠣᠬᠢᠷᠠᠮᠵᠢ ᠦᠭᠡᠢ ᠳᠠᠩᠰᠠ ᠡᠪᠬᠡᠮᠡᠯ ᠳᠤ ᠠᠰᠢᠭᠯᠠᠬᠤ ᠶᠢ ᠬᠢᠵᠠᠭᠠᠷᠯᠠᠬᠤ ᠰᠠᠨᠠᠯ ᠳᠤᠷᠠᠳᠤᠨ᠎ᠠ᠃ ᠬᠤᠶᠠᠷ ᠲᠠᠯ᠎ᠠ ᠪᠠᠷ ᠢᠶᠠᠨ ᠬᠡᠯᠡᠯᠴᠡᠭᠡᠷ ᠲᠤ ᠭᠠᠷ ᠤᠨ ᠦᠰᠦᠭ ᠵᠢᠷᠤᠵᠤ᠂ ᠰᠢᠶᠠᠨ ᠤ ᠳᠠᠩᠰᠠ ᠡᠪᠬᠡᠮᠡᠯ ᠤᠨ ᠣᠷᠳᠣᠨ ᠬᠠᠤᠯᠢ ᠶᠣᠰᠣᠨ ᠤ ᠡᠷᠬᠡ ᠠᠰᠢᠭ ᠢᠶᠠᠨ ᠬᠠᠷᠢᠭᠤᠴᠠᠨ ᠬᠠᠮᠠᠭᠠᠯᠠᠵᠤ᠂ ᠬᠠᠨᠳᠢᠪᠯᠡᠨ ᠬᠦᠷᠭᠡᠭᠴᠢ ᠶᠢ ᠬᠠᠨᠳᠢᠪᠯᠡᠨ ᠬᠦᠷᠭᠡᠬᠦ ᠨᠡᠷᠡᠰ ᠤᠨ ᠵᠢᠭᠰᠠᠭᠠᠯᠲᠠ ᠳᠤ ᠪᠢᠴᠢᠨ ᠣᠷᠣᠭᠤᠯᠵᠤ᠂ ᠡᠭᠦᠷᠢᠳᠡ ᠬᠠᠳᠠᠭᠠᠯᠠᠨ᠎ᠠ      ︵ᠭᠤᠷᠪᠠ︶ ᠦᠨᠡᠨ ᠬᠦ ᠦᠨ᠎ᠡ ᠦᠷᠳᠡᠭ ᠲᠠᠢ ᠪᠣᠯᠪᠠᠴᠤ ᠥᠮᠴᠢᠯᠡᠭᠴᠢ ᠶᠢᠨ ᠪᠡᠯᠡᠭᠯᠡᠨ ᠬᠦᠷᠭᠡᠬᠦ ᠳᠤᠷ᠎ᠠ ᠦᠭᠡᠢ ᠲᠠᠩᠰᠠ ᠡᠪᠬᠡᠮᠡᠯ ᠤᠨ ᠮᠠᠲ᠋ᠧᠷᠢᠶᠠᠯ ᠢ ᠥᠮᠴᠢᠯᠡᠭᠴᠢ ᠶᠢᠨ ᠬᠢᠨᠢ ᠵᠥᠪᠰᠢᠶᠡᠷᠡᠯ ᠢ ᠣᠯᠣᠭᠰᠠᠨ ᠤ ᠲᠠᠷᠠᠭ᠎ᠠ᠂ ᠰᠢᠶᠠᠨ ᠤ ᠲᠠᠩᠰᠠ ᠡᠪᠬᠡᠮᠡᠯ ᠤᠨ ᠣᠷᠳᠣᠨ ᠬᠤᠷᠢᠶᠠᠨ ᠠᠪᠴᠤ ᠬᠠᠳᠠᠭᠠᠯᠠᠭᠤᠯᠬᠤ ᠪᠤᠶᠤ ᠤᠤᠯ ᠮᠠᠲ᠋ᠧᠷᠢᠶᠠᠯ ᠢ ᠳᠠᠭᠤᠷᠢᠶᠠᠨ ᠪᠠᠭᠤᠯᠭᠠᠬᠤ ᠠᠷᠭ᠎ᠠ ᠪᠠᠷ ᠡᠯᠰᠡᠨ ᠴᠤᠭᠯᠠᠭᠤᠯᠵᠤ ᠪᠣᠯᠣᠨ᠎ᠠ᠃ ᠬᠠᠳᠠᠭᠠᠯᠠᠭᠤᠯᠤᠭᠰᠠᠨ ᠳᠠᠩᠰᠠ ᠡᠪᠬᠡᠮᠡᠯ ᠤᠨ ᠮᠠᠲ᠋ᠧᠷᠢᠶᠠᠯ ᠤᠨ ᠥᠮᠴᠢᠯᠡᠬᠦ ᠡᠷᠬᠡ ᠨᠢ ᠬᠠᠳᠠᠭᠠᠯᠠᠭᠤᠯᠤᠭᠴᠢ ᠳᠤ ᠬᠠᠷᠢᠶᠠᠯᠠᠭᠳᠠᠨ᠎ᠠ᠂ ᠭᠡᠪᠡᠴᠦ ᠰᠢᠶᠠᠨ ᠤ ᠳᠠᠩᠰᠠ ᠡᠪᠬᠡᠮᠡᠯ ᠤᠨ ᠭᠠᠵᠠᠷ ᠠᠰᠢᠭᠯᠠᠬᠤ ᠡᠷᠬᠡ ᠲᠠᠢ᠃      ︵ᠲᠦᠷᠪᠡ︶ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠳᠤ ᠬᠤᠯᠪᠣᠭᠳᠠᠬᠤ ᠲᠡᠩᠰᠠ ᠡᠪᠬᠡᠮᠡᠯ ᠤᠨ ᠮᠠᠲ᠋ᠧᠷᠢᠶᠠᠯ ᠢ ᠰᠢᠶᠠᠨ ᠤ ᠲᠡᠩᠰᠠ ᠡᠪᠬᠡᠮᠡᠯ ᠤᠨ ᠣᠷᠳᠣᠨ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠬᠠᠤᠯᠢ︾ ᠶᠢ ᠵᠢᠷᠤᠮᠯᠠᠨ ᠬᠠᠮᠠᠭᠠᠯᠠᠨ᠎ᠠ᠃      ᠭᠤᠷᠪᠠ᠂ ᠡᠯᠰᠡᠬᠦ ᠴᠠᠭ      ᠲᠤᠰ ᠵᠠᠷᠯᠠᠯ ᠢ ᠨᠡᠶᠢᠲᠡᠯᠡᠭᠰᠡᠨ ᠡᠳᠦᠷ ᠠᠴᠠ ᠡᠬᠢᠯᠡᠨ ᠤᠷᠳᠤ ᠬᠤᠭᠤᠴᠠᠭ᠎ᠠ ᠪᠠᠷ ᠡᠯᠰᠡᠵᠦ ᠠᠪᠤᠨ᠎ᠠ᠃      ᠳᠥᠷᠪᠡ᠂ ᠡᠯᠰᠡᠬᠦ ᠱᠠᠭᠠᠷᠳᠠᠯᠭ᠎ᠠ      ︵ᠨᠢᠭᠡ︶ ᠴᠤᠭᠯᠠᠭᠤᠯᠤᠭᠰᠠᠨ ᠲᠠᠩᠰᠠ ᠡᠪᠬᠡᠮᠡᠯ ᠤᠨ ᠮᠠᠲ᠋ᠧᠷᠢᠶᠠᠯ ᠳᠤ ᠪᠣᠳᠠᠲᠤ ᠶᠠᠭᠤᠮ᠎ᠠ ᠶᠢᠨ ᠢᠷᠡᠯᠲᠡ᠂ ᠭᠤᠣᠯ ᠠᠭᠤᠯᠭ᠎ᠠ᠂ ᠡᠭᠦᠰᠦᠭᠰᠡᠨ ᠴᠠᠭ᠂ ᠭᠠᠵᠠᠷ᠂ ᠬᠤᠯᠪᠣᠭᠳᠠᠭᠰᠠᠨ ᠬᠡᠷᠡᠭ ᠶᠠᠪᠤᠳᠠᠯ᠂ ᠬᠥᠮᠥᠨ ᠵᠢᠴᠢ ᠪᠡᠶ᠎ᠡ ᠭᠠᠷᠤᠯ ᠵᠡᠷᠭᠡ ᠲᠥᠬᠦᠮ ᠥᠰᠥᠭ ᠪᠢᠴᠢᠭ ᠤᠨ ᠲᠣᠳᠣᠷᠬᠠᠶᠢᠯᠠᠯᠲᠠ ᠶᠢ ᠬᠠᠮᠲᠤ ᠳᠤᠨᠢ ᠬᠠᠩᠭᠠᠬᠤ ᠬᠡᠷᠡᠭᠲᠡᠢ᠃      ︵ᠬᠤᠶᠠᠷ︶ ᠲᠠᠩᠰᠠ ᠡᠪᠬᠡᠮᠡᠯ ᠤᠨ ᠮᠠᠲ᠋ᠧᠷᠢᠶᠠᠯ ᠢ ᠬᠠᠩᠭᠠᠬᠤ ᠳᠠᠭᠠᠨ᠂ ᠬᠠᠷᠢᠯᠴᠠᠬᠤ ᠬᠠᠶ᠋ᠢᠭ᠂ ᠣᠪᠣᠭ ᠨᠡᠷ᠎ᠡ ᠵᠢᠴᠢ ᠬᠠᠷᠢᠯᠴᠠᠬᠤ ᠠᠷᠭ᠎ᠠ ᠮᠠᠶ᠋ᠢᠭ ᠢᠶᠠᠨ ᠲᠣᠳᠣᠷᠬᠠᠶᠢᠯᠠᠬᠤ ᠬᠡᠷᠡᠭᠲᠡᠢ᠃      ᠲᠠᠪᠤ᠂ ᠬᠠᠷᠢᠯᠴᠠᠬᠤ ᠠᠷᠭ᠎ᠠ ᠬᠡᠯᠪᠡᠷᠢ      ᠰᠢᠶᠠᠨ ᠤ ᠲᠠᠩᠰᠠ ᠡᠪᠬᠡᠮᠡᠯ ᠤᠨ ᠣᠷᠳᠣᠨ ᠨᠡᠶᠢᠭᠡᠮ ᠤᠨ ᠡᠯ᠎ᠡ ᠡᠲᠡᠭᠡᠳ ᠤᠨ ᠬᠢᠨ ᠤ ᠲᠠᠩᠰᠠ ᠡᠪᠬᠡᠮᠡᠯ ᠤᠨ ᠮᠠᠲ᠋ᠧᠷᠢᠶᠠᠯ ᠬᠠᠨᠳᠢᠪᠯᠡᠬᠤ ᠶᠢ ᠵᠠᠬᠢᠳᠠᠯ᠂ ᠤᠲᠠᠰᠤ᠂ ᠨᠢᠭᠤᠷᠳᠠᠨ ᠶᠠᠷᠢᠯᠴᠠᠬᠤ ᠵᠡᠷᠭᠡ ᠬᠡᠯᠪᠡᠷᠢ ᠪᠠᠷ ᠰᠢᠶᠠᠨ ᠤ ᠳᠠᠩᠰᠠ ᠡᠪᠬᠡᠮᠡᠯ ᠤᠨ ᠭᠠᠵᠠᠷ ᠲᠠᠢ ᠬᠠᠷᠢᠯᠴᠠᠵᠤ᠂ ᠬᠤᠯᠪᠣᠭᠳᠠᠯ ᠪᠦᠬᠦᠢ ᠤᠴᠢᠷ ᠶᠠᠪᠤᠳᠠᠯ ᠢ ᠵᠥᠪᠳᠡᠯᠴᠡᠵᠦ ᠪᠣᠯᠣᠨ᠎ᠠ᠃      ᠬᠠᠶ᠋ᠢᠭ᠄ ᠲᠣᠭᠲᠠᠬᠤ ᠰᠢᠶᠠᠨ ᠤ ᠲᠠᠩᠰᠠ ᠡᠪᠬᠡᠮᠡᠯ ᠤᠨ ᠣᠷᠳᠣᠨ ︵ᠲᠣᠭᠲᠠᠬᠤ ᠶᠡᠭᠡ ᠵᠡᠭᠡᠯᠢ ᠬᠢᠭᠡᠳ ᠶᠤᠸᠠᠨ ᠳ᠋ᠠ ᠵᠠᠮ ᠤᠨ ᠠᠭᠤᠯᠵᠠᠷ ᠭᠠᠵᠠᠷ︶       ᠤᠲᠠᠰᠤ᠄ 0471-8517840      ᠬᠠᠷᠢᠯᠴᠠᠬᠤ ᠬᠥᠮᠥᠨ᠄ ᠷᠧᠨ ᠱᠦ ᠰᠧᠨ     ᠵᠠᠢ ᠢᠦᠢ      ᠢᠮᠧᠯ᠄ tktxdag@163.com      ᠲᠣᠰ ᠤᠳᠠᠭᠠᠨ ᠤ ᠡᠯᠰᠡᠬᠦ ᠠᠵᠢᠯᠯᠠᠭ᠎ᠠ ᠶᠢᠨ ᠬᠠᠮᠤᠭ ᠡᠴᠦᠰ ᠤᠨ ᠲᠠᠶᠢᠯᠪᠤᠷᠢᠯᠠᠬᠤ ᠡᠷᠬᠡ ᠨᠢ ᠲᠣᠭᠲᠠᠬᠤ ᠰᠢᠶᠠᠨ ᠤ ᠲᠠᠩᠰᠠ ᠡᠪᠬᠡᠮᠡᠯ ᠤᠨ ᠣᠷᠳᠣᠨ ᠳᠤ ᠬᠠᠷᠢᠶᠠᠯᠠᠭᠳᠠᠨ᠎ᠠ᠃ ᠢᠷᠡᠯᠳᠡ᠄ ᠲᠤᠭᠳᠠᠬᠤ ᠰᠢᠶᠠᠨ ᠤ ᠬᠠᠮ ᠵᠠᠭᠤᠴᠢᠯᠠᠭᠤᠷ ᠤᠨ ᠲᠥᠪ ᠶᠦᠨ ᠵᠥᠩ ᠬᠠᠮ ᠵᠠᠭᠤᠴᠢᠯᠠᠭᠤᠷ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1