︽ᠪᠢᠳᠡᠬᠦᠨ︾ ᠪᠠ ︽ᠴᠠᠭᠠᠨ ᠰᠠᠷ᠎ᠠ︾ ᠶᠢᠨ ᠲᠤᠬᠠᠢ ︵ᠲᠤᠤᠷᠠᠳᠤ︶
ᠨᠡᠶᠢᠲᠡᠯᠡᠭᠰᠡᠨ ᠴᠠᠭ᠄
2024/2/7
       ᠴᠠᠭᠠᠨ ᠰᠠᠷ᠎ᠠ ᠶᠢᠨ ᠲᠤᠬᠠᠢ᠄ ᠪᠢᠯᠢᠭ ᠤᠨ ᠤᠯᠠᠷᠢᠯ ᠤᠨ ᠬᠠᠪᠤᠷ ᠤᠨ ᠲᠡᠷᠢᠬᠦᠨ ᠰᠠᠷ᠎ᠠ ᠶᠢ ᠮᠤᠩᠭᠤᠯᠴᠤᠳ ᠶᠠᠭᠤᠨ ᠳᠤ ︽ᠴᠠᠭᠠᠨ ᠰᠠᠷ᠎ᠠ︾ ᠬᠡᠳᠡᠭ ᠪᠤᠢ︖ ᠬᠡᠪᠡᠯ᠂ ᠭᠠᠵᠠᠷ ᠭᠠᠵᠠᠷ ᠤᠨ ᠬᠢᠨ ᠪᠠᠷᠤᠭ ᠪᠦᠷ ︽ᠰᠦ ᠶᠢᠨ ᠴᠠᠭᠠᠨ ᠦᠡᠭᠭᠡ ᠶᠢ ᠡᠷᠬᠢᠮ ᠲᠡᠭᠡᠳᠦ ᠰᠢᠯᠤᠭᠤᠨ ᠦᠡᠭᠭᠡ ᠬᠡᠵᠦ ᠪᠠᠯᠭᠡᠳᠡᠭᠰᠡᠨ ᠠᠴᠠ ᠢᠷᠡᠯ ᠲᠠᠢ︾ ᠬᠡᠵᠦ ᠠᠳᠠᠯᠢᠪᠳᠤᠷ ᠲᠠᠶᠢᠯᠪᠤᠷᠢᠯᠠᠳᠠᠭ ᠪᠠᠶᠢᠬ᠎ᠠ᠃            ᠮᠤᠩᠭᠤᠯᠴᠤᠳ ᠶᠠᠷᠦ ᠨᠢ ᠴᠠᠭᠠᠨ ᠦᠡᠭᠭᠡ ᠶᠢ ᠭᠭᠢᠷ ᠦᠭᠡᠢ ᠠᠷᠢᠭᠤᠨ ᠡᠷᠭᠢᠮ ᠲᠡᠭᠡᠳᠦ ᠴᠡᠪᠡᠷ ᠰᠢᠯᠤᠭᠤᠨ ᠦᠡᠭᠭᠡ ᠬᠡᠵᠦ ᠦᠵᠡᠳᠡᠭ ᠠᠴᠠ ᠵᠢᠱᠢᠶ᠎ᠠ ᠲᠠᠳᠠᠪᠠᠯ᠄ ᠰᠠᠨᠠᠭ᠎ᠠ ᠰᠡᠳᠬᠢᠯ ᠰᠠᠶᠢᠬᠠᠨ ᠬᠦᠮᠦᠨ ᠢ ︽ᠰᠦ ᠰᠢᠭ ᠴᠠᠭᠠᠨ ᠰᠡᠳᠬᠢᠯ ᠲᠠᠢ︾ ᠬᠡᠳᠡᠭ︔ ᠤᠷᠤᠭ ᠬᠤᠷᠢᠮ ᠳᠤ ︽ᠡᠭᠡ ᠶᠢᠨ ᠴᠠᠭᠠᠨ ᠰᠦ ᠬᠠᠷᠢᠭᠤᠯᠠᠬᠤ︾ ᠶᠤᠰᠤ ᠪᠠᠶᠢᠳᠠᠭ︔ ᠠᠪᠤ ᠲᠡᠭᠡᠳᠦᠰ ᠮᠢᠨᠢ ᠠᠶᠠᠨ ᠵᠢᠩ ᠳᠤ ᠶᠠᠪᠤᠭᠠᠳ ᠪᠡᠷᠭᠡ ᠪᠠᠷᠳᠠᠭ᠎ᠠ ᠶᠢ ᠲᠤᠭᠤᠯᠵᠤ ᠲᠡᠭᠰᠢᠭᠡᠨ ᠰᠠᠶᠢᠬᠠᠨ ᠵᠠᠮ ᠳᠤ ᠤᠷᠤᠪᠠᠯ ︽ᠵᠠᠮ ᠴᠠᠭᠠᠨ ᠪᠤᠯᠤᠯ᠎ᠠ︾ ᠬᠡᠳᠡᠭ︔ ᠠᠶᠤᠯ ᠲᠦᠭᠰᠢᠬᠦᠷᠢ ᠳᠤ ᠤᠴᠠᠷᠠᠭᠠᠳ ᠠᠮᠢ ᠪᠠᠶ᠎ᠠ ᠡᠰᠡᠨ ᠮᠡᠨᠳᠦ ᠭᠠᠷᠪᠠᠯ ︽ᠴᠠᠭᠠᠨ ᠮᠦᠷ ᠲᠠᠢ︾ ᠬᠡᠳᠡᠭ ᠁ ᠨᠠᠷᠠᠵᠦ ᠭᠠᠷᠭᠠᠭᠰᠠᠨ ᠠᠷᠢᠬᠢ ᠶᠢ ᠬᠢᠳᠡᠳ ᠬᠡᠯᠡᠨ ᠳᠤ ︽ᠴᠠᠭᠠᠨ ᠠᠷᠢᠬᠢ︾ ᠭᠡᠳᠡᠭ ᠪᠤᠯᠪᠠᠴᠤ ᠬᠡᠳᠦᠷᠡᠪᠡᠯ ᠬᠤᠤᠷ ᠪᠤᠯᠳᠠᠭ ᠲᠡᠷᠡᠬᠦ ᠤᠮᠳᠠᠭᠠᠨ ᠢ ᠮᠤᠩᠭᠤᠯᠴᠤᠳ ᠬᠠᠷᠢᠨ ︽ᠬᠠᠷ᠎ᠠ ᠠᠷᠢᠬᠢ︾ ᠬᠡᠳᠡᠭ ᠶᠤᠮ᠃ ᠡᠶᠢᠮᠦ ᠠᠴᠠ ᠰᠢᠨ᠎ᠠ ᠨᠢᠭᠡᠨ ᠵᠢᠯ ᠡᠬᠢᠯᠡᠬᠦ ᠬᠠᠪᠤᠷ ᠤᠨ ᠲᠡᠷᠢᠬᠦᠨ ᠰᠡᠷ᠎ᠠ ᠶᠢ ᠠᠮᠤᠷ ᠰᠠᠶᠢᠬᠠᠨ ᠦᠶᠦᠭ ᠲᠠᠪᠠᠳᠠᠢ ᠨᠢᠭᠡᠨ ᠵᠢᠯ ᠪᠤᠯᠤᠭᠠᠰᠠᠢ ᠬᠡᠵᠦ ︽ᠴᠠᠭᠠᠨ ᠰᠠᠷ᠎ᠠ︾ ᠬᠡᠰᠡᠨ ᠪᠠᠶᠢᠯᠳᠠᠢ᠃              ᠮᠤᠩᠭᠤᠯᠴᠤᠳ ᠡᠷᠳᠡ ᠲᠡᠭᠡᠳᠦ ᠳᠡᠭᠡᠨ ︽ᠨᠤᠭᠤᠭ᠎ᠠ ᠭᠠᠷᠬᠤ ᠪᠠᠷ ᠨᠢᠭᠡ ᠵᠢᠯ ᠪᠤᠯᠭᠠᠵᠤ ᠪᠠᠶᠢᠵᠠᠢ︾ ᠬᠡᠵᠦ ᠵᠠᠷᠢᠮ ᠬᠠᠷᠢ ᠦᠨᠳᠦᠰᠦᠳᠡᠨ ᠤ ᠬᠦᠮᠦᠨ ᠲᠡᠮᠳᠡᠭᠯᠡᠭᠰᠡᠨ ᠪᠤᠯᠪᠠᠴᠤ ᠮᠤᠩᠭᠤᠯ ᠦᠰᠦᠭ ᠪᠢᠴᠢᠭ ᠵᠤᠬᠢᠶᠠᠭᠳᠠᠨ ᠬᠦᠭᠵᠢᠭᠰᠡᠨ ᠠᠴᠠ ᠰᠡᠭᠦᠯᠡᠷ᠂ ᠬᠢᠳᠡᠨ ᠵᠢᠷᠤᠬᠠᠢ᠂ ᠬᠢᠳᠡᠳ ᠵᠢᠷᠤᠬᠠᠢ᠂ ᠡᠨᠡᠳᠭᠡᠭ ᠲᠦᠪᠡᠳ ᠵᠢᠷᠤᠬᠠᠢ᠂ ᠠᠷᠠᠪ ᠵᠢᠷᠤᠬᠠᠢ ᠵᠡᠷᠭᠡ ᠬᠠᠷᠢ ᠤᠯᠤᠰ ᠦᠨᠳᠦᠰᠦᠳᠡᠨ ᠤ ᠵᠢᠷᠤᠬᠠᠢ ᠶᠢᠨ ᠤᠬᠠᠭᠠᠨ ᠮᠤᠩᠭᠤᠯ ᠤᠷᠤᠨ ᠳᠤ ᠨᠠᠪᠳᠡᠷᠡᠨ ᠤᠷᠤᠵᠤ ᠢᠷᠡᠭᠡᠳ ᠮᠤᠩᠭᠤᠯ ᠵᠢᠷᠤᠬᠠᠢ ᠪᠤᠯᠤᠨ ᠲᠡᠭᠦᠯᠳᠡᠷᠵᠢᠵᠦ᠂ ᠮᠤᠩᠭᠤᠯ ᠴᠠᠭ ᠤᠯᠠᠷᠢᠯ ᠤᠨ ᠪᠢᠴᠢᠭ ᠵᠤᠬᠢᠶᠠᠭᠳᠠᠭᠰᠠᠨ ᠬᠡᠵᠦ ᠮᠤᠩᠭᠤᠯᠴᠢ ᠡᠷᠳᠡᠮᠳᠡᠳ ᠦᠵᠡᠵᠦ ᠪᠠᠶᠢᠨ᠎ᠠ᠃              ᠮᠤᠩᠭᠤᠯ ᠵᠢᠷᠤᠬᠠᠢ ᠳᠤ ︽ᠢᠴᠡᠭᠰᠡᠳ ᠬᠦᠳᠡᠯᠬᠦ︾ ᠪᠠᠷ ᠬᠤᠷᠢᠨ ᠲᠦᠷᠪᠡᠨ ᠴᠠᠭ ᠲᠤᠬᠢᠶᠠᠯ ᠤᠨ ᠡᠬᠢᠯᠡᠯᠳᠠ ᠪᠤᠯᠭᠠᠳᠠᠭ ᠪᠦᠭᠡᠳ ᠬᠠᠪᠤᠷ ᠤᠨ ᠠᠭᠤᠷ᠂ ᠬᠤᠷ᠎ᠠ ᠤᠰᠤ᠂ ᠢᠴᠡᠭᠰᠡᠳ ᠬᠦᠳᠡᠯᠬᠦ ᠭᠤᠷᠪᠠᠨ ᠲᠤᠬᠢᠶᠠᠯ ᠨᠢ ᠤᠯᠠᠩᠭᠢ ᠳᠠᠭᠠᠨ ᠴᠠᠭᠠᠨ ᠰᠠᠷ᠎ᠠ ᠳᠤ ᠲᠤᠬᠢᠶᠠᠯᠳᠤᠳᠠᠭ᠃ ᠡᠨᠡ ᠬᠦ ᠴᠠᠭ ᠲᠤᠬᠢᠶᠠᠯ ᠤᠨ ᠬᠤᠭᠤᠴᠠᠭᠠᠨ ᠳᠤ ᠮᠤᠩᠭᠤᠯ ᠤᠷᠤᠨ ᠳᠤ ᠴᠠᠰᠤ ᠮᠦᠰᠦ ᠪᠦᠷᠢᠮᠦᠰᠦᠨ ᠬᠠᠶᠢᠯᠵᠤ ᠬᠡᠰᠬᠦ ᠦᠭᠡᠢ ᠪᠤᠯᠪᠠᠴᠤ ᠬᠠᠷ᠎ᠠ ᠭᠠᠷᠴᠤ ᠤᠷᠢᠨ ᠲᠤᠯᠠᠭᠠᠨ ᠤᠢᠢᠷᠠᠳᠤᠳᠠᠭ ᠢᠶᠠᠷ ᠮᠠᠯ ᠲᠡᠵᠢᠭᠡᠪᠤᠷᠢ ᠨᠢᠷᠤᠭᠤ ᠲᠠᠨᠢᠢᠨ ᠪᠠᠯᠴᠢᠭᠡᠳ᠂ ᠬᠠᠭᠢᠷ ᠡᠪᠤᠯ ᠤᠨ ᠬᠦᠢᠳᠡᠨ ᠢ ᠲᠤᠭᠤᠯᠤᠭᠰᠠᠨ ᠮᠤᠩᠭᠤᠯᠴᠤᠳ ᠤᠨ ᠰᠡᠳᠬᠢᠯ ᠢ ᠠᠭᠤᠵᠢᠷᠠᠭᠤᠯᠳᠠᠭ ᠪᠠᠶᠢᠨ᠎ᠠ᠃ ᠶᠠᠭ ᠡᠨᠡ ᠦᠶ᠎ᠠ ᠳᠤ ᠪᠠᠰᠨ ᠦᠨᠢᠶ᠎ᠠ ᠲᠤᠭᠤᠯᠯᠠᠨ ᠬᠤᠨᠢ ᠬᠤᠷᠠᠭᠠᠯᠠᠵᠦ ᠴᠠᠭᠠᠨ ᠢᠳᠡᠭᠡᠨ ᠤ ᠢᠷᠡᠯᠳᠡ ᠲᠠᠢ ᠪᠤᠯᠤᠨ᠎ᠠ᠃ ᠬᠦᠮᠦᠨ ᠮᠠᠯ ᠲᠠᠢ ᠪᠠᠨ ᠰᠢᠨ᠎ᠠ ᠵᠢᠯ ᠳᠤ ᠤᠷᠤᠭᠰᠠᠨ ᠲᠡᠷᠢᠬᠦᠨ ᠰᠠᠷ᠎ᠠ ᠶᠢ ᠮᠤᠩᠭᠤᠯᠴᠤᠳ ᠲᠡᠭᠡᠭᠡᠳ ︽ᠴᠠᠭᠠᠨ ᠰᠠᠷ᠎ᠠ︾ ᠬᠡᠰᠡᠨ ᠶᠤᠮ᠃ ᠡᠨᠡ ᠨᠢ ᠬᠡᠳᠦ᠋ᠢᠪᠡᠷ ᠲᠡᠦᠭᠡ ᠲᠡᠮᠳᠡᠭᠯᠡᠯ ᠳᠤ ᠲᠤᠳᠤᠷᠬᠠᠢ ᠪᠢᠴᠢᠭᠰᠡᠨ ᠦᠭᠡᠢ ᠪᠤᠯᠪᠠᠴᠤ ᠮᠤᠩᠭᠤᠯᠴᠤᠳ ᠨᠠᠶᠢᠳᠡᠮ ᠳᠡᠭᠡᠨ ᠮᠡᠳᠡᠳᠡᠭ ᠬᠡᠯᠡᠯᠭᠡ ᠶᠤᠮ᠃              ᠬᠦᠳᠡᠭᠡ ᠰᠠᠭᠤᠭᠰᠨᠨ ᠤᠯᠳᠤᠢ ᠮᠢᠨᠦ ᠪᠠᠶ᠎ᠠ ᠬᠢᠷᠢ ᠪᠠᠨ ᠮᠡᠳᠡᠬᠦ ᠦᠭᠡᠢ ᠢᠡᠭᠭᠢᠵᠦ ︽ᠪᠢᠳᠡᠬᠦᠨ︾᠂ ︽ᠴᠠᠭᠠᠨ ᠰᠠᠷ᠎ᠠ︾ ᠶᠢᠨ ᠲᠤᠬᠠᠢ ᠪᠠᠭ᠋ᠠᠨ ᠲᠠᠭᠠᠮᠠᠭ ᠢᠶᠠᠷ ᠡᠷᠢᠶᠠᠴᠡᠪᠡᠢ᠃ ᠪᠤᠷᠤᠭᠤ ᠪᠤᠯᠪᠠᠰᠤ ᠮᠠᠷᠭᠡᠳ ᠵᠠᠯᠠᠷᠠᠭᠤᠯᠳᠤᠭᠠᠢ᠃ ᠨᠣᠮ ᠵᠦᠢ᠄ ᠰᠠᠴᠤᠷᠠᠯᠳᠤ᠂ ᠪᠠᠶᠠᠨᠪᠠᠭᠠᠳᠤᠷ ᠤᠨ ᠨᠠᠶᠢᠷᠠᠭᠤᠯᠤᠭᠰᠠᠨ ︽ᠮᠤᠩᠭᠤᠯ ᠰᠤᠶᠤᠯ ᠤᠨ ᠤᠪᠤᠭ᠎ᠠ ᠶᠢᠨ ᠴᠢᠯᠠᠭᠤᠳ︾ ᠨᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1