ᠴᠠᠭᠠᠯᠠᠬᠤ ᠲᠠᠢ ᠬᠤᠯᠪᠤᠭᠳᠠᠭᠰᠠᠨ ᠴᠡᠭᠡᠷ ᠶᠤᠰᠤᠨ
ᠨᠡᠶᠢᠲᠡᠯᠡᠭᠰᠡᠨ ᠴᠠᠭ᠄
2024/2/6
      — ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠵᠢᠷᠭᠤᠭᠠᠨ ᠬᠦᠷᠲᠡᠯ᠎ᠡ ᠭᠡᠷ ᠠᠴᠠ ᠪᠠᠨ ᠭᠠᠳᠠᠭᠰᠢ ᠡᠳ᠋ ᠶᠠᠭᠤᠮ᠎ᠠ ᠠᠪᠴᠤ ᠤᠳᠬᠤ ᠶᠢ ᠴᠡᠭᠡᠷᠯᠡᠨ᠎ᠡ᠃ ᠪᠡᠯᠡᠭ ᠤᠨ ᠵᠦᠢᠯ ᠡᠭᠦᠨ ᠳᠤ ᠦᠯᠦ ᠬᠠᠮᠢᠶᠠᠷᠤᠨ᠎ᠠ᠃      — ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠭᠠᠯ ᠢᠶᠠᠨ ᠬᠠᠭᠤᠴᠢᠨ ᠴᠤᠭ ᠢᠶᠠᠷ ᠠᠰᠠᠭᠠᠬᠤ ᠶᠢ ᠴᠡᠭᠡᠷᠯᠡᠨ᠎ᠡ᠃      — ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠠᠶᠢᠯ ᠳᠤ ᠬᠤᠨᠤᠬᠤ ᠶᠢ ᠴᠡᠭᠡᠷᠯᠡᠨ᠎ᠡ᠃      — ᠴᠠᠭᠠᠨ ᠰᠠᠷ᠎ᠠ ᠶᠢᠨ ᠰᠢᠨᠡᠳ ᠢᠶᠠᠷ ᠠᠮᠢ ᠬᠤᠷᠤᠭᠠᠬᠤ ᠶᠢ ᠴᠡᠭᠡᠷᠯᠡᠨ᠎ᠡ᠃ ᠠᠮᠢᠲᠠᠨ ᠪᠠᠰᠠ ᠰᠢᠨᠡᠯᠡᠳᠡᠭ ᠭᠡᠵᠦ ᠦᠵᠡᠳᠡᠭ᠃      — ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠤᠬᠢᠯᠠᠵᠤ ᠤᠨᠵᠢᠬᠤ ᠶᠢ ᠴᠡᠭᠡᠷᠯᠡᠨ᠎ᠡ᠃      — ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠲᠤ ᠭᠠᠳᠠᠭᠰᠢ ᠭᠠᠷᠬᠤ ᠶᠢ ᠴᠡᠬᠡᠷᠯᠡᠨ᠎ᠡ᠃ ᠭᠡᠬᠦ ᠳᠡᠭᠡᠨ ᠰᠢᠨ᠎ᠡ ᠶᠢᠨ ᠨᠢᠭᠡᠨ ᠳᠤ ᠠᠶᠢᠯ ᠢᠶᠠᠷ ᠶᠠᠪᠤᠵᠤ ᠰᠢᠨᠡᠯᠡᠭᠰᠡᠨ ᠪᠤᠯ ᠬᠠᠮᠢᠶ᠎ᠠ ᠦᠭᠡᠢ᠃      — ᠴᠠᠭᠠᠨ ᠰᠠᠷ᠎ᠠ ᠶᠢᠨ ᠡᠳᠦᠷ ᠤᠳ ᠲᠤ ᠢᠷᠡᠭᠰᠡᠨ ᠵᠤᠴᠢᠳ ᠢ ᠡᠷ᠎ᠡ᠂ ᠡᠮ᠎ᠡ᠂ ᠶᠡᠭᠡ᠂ ᠪᠠᠭ᠎ᠠ᠂ ᠬᠦᠭᠰᠢᠨ᠂ ᠵᠠᠯᠠᠭᠤ ᠭᠡᠯ ᠦᠭᠡᠢ ᠵᠠᠪᠠᠯ ᠪᠡᠯᠡᠭ ᠦᠭᠴᠤ ᠭᠠᠷ ᠢ ᠴᠠᠶᠢᠯᠭᠠᠨ᠎ᠠ᠃ ᠭᠡᠬᠦ ᠳᠡᠭᠡᠨ ᠪᠡᠯᠡᠭ ᠨᠢ ᠦᠨ᠎ᠡ ᠴᠡᠨᠡᠲᠡᠢ ᠪᠠᠶᠢᠬᠤ ᠠᠯᠪᠠ ᠦᠭᠡᠢ ᠪᠦᠭᠡᠳ ᠶᠤᠰᠤ ᠪᠡᠯᠭᠡ ᠶᠢ ᠪᠤᠳᠤᠭᠰᠠᠨ ᠪᠠᠶᠢᠪᠠᠯ ᠵᠤᠬᠢᠨ᠎ᠠ᠃      — ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠪᠡᠯᠭᠡ ᠦᠭᠡᠢ ᠦᠭᠡ ᠬᠡᠯᠡᠬᠦ ᠶᠢ ᠶᠡᠬᠡᠳᠡ ᠴᠡᠭᠡᠷᠯᠡᠨ᠎ᠡ᠃ ᠬᠡᠳᠦ᠋ᠢᠪᠡᠷ ᠬᠦᠨᠳᠦ ᠡᠪᠡᠳᠴᠢᠲᠡᠢ ᠪᠠᠶᠢᠯ᠎ᠠ ᠴᠤ ᠭᠡᠰᠡᠨ ᠶᠤᠰᠤᠨ ᠤ ᠳᠠᠭᠠᠤ ᠮᠡᠨᠳᠦ ᠤᠰᠤ ᠪᠠᠨ ᠮᠡᠳᠡᠯᠴᠡᠨ᠎ᠡ᠃ ᠡᠨᠡ ᠨᠢ ︽ᠮᠤᠩᠭᠤᠯ ᠬᠦᠮᠦᠨ ᠠᠮᠠᠨ ᠤ ᠪᠡᠯᠭᠡ ᠪᠠᠷ᠂ ᠠᠮᠠᠨ ᠤ ᠪᠡᠯᠭᠡ ᠬᠠᠮᠢᠭᠠᠰᠢ ᠪᠠᠨ ᠪᠤᠯ ᠠᠰᠢᠳᠠ ᠶᠢᠨ ᠪᠡᠯᠭᠡ ᠲᠡᠶᠢᠰᠢ ᠪᠠᠨ︾ ᠭᠡᠳᠡᠭ ᠮᠤᠩᠭᠤᠯᠴᠤᠳ ᠤᠨ ᠶᠤᠰᠤ ᠵᠠᠩᠰᠢᠯ ᠤᠨ ᠭᠤᠤᠯ ᠴᠦᠮ᠎ᠡ ᠪᠤᠯᠤᠭᠰᠠᠨ ᠪᠢᠴᠢᠭᠳᠡᠭᠡ ᠦᠭᠡᠢ ᠬᠠᠤᠯᠢ ᠶᠢ ᠪᠠᠷᠢᠮᠲᠠᠯᠠᠵᠤ ᠪᠠᠶᠢᠭ᠎ᠠ ᠬᠡᠷᠡᠭ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠠᠶᠢᠯ ᠳᠤ ᠢᠷᠡᠭᠰᠡᠨ ᠵᠤᠴᠢᠨ ᠠᠶᠢᠯ ᠤᠨ ᠪᠤᠳᠠᠭᠠᠨ ᠳᠤ ᠬᠦᠷᠬᠦ ᠳᠡᠭᠡᠨ ᠴᠠᠭᠠᠯᠠᠭ᠎ᠠ᠂ ᠴᠠᠭᠠᠨ ᠢᠳᠡᠭᠡᠨ ᠠᠴᠠ ᠡᠬᠢᠯᠡᠨ ᠠᠮᠰᠠᠵᠤ᠂ ᠶᠠᠪᠤᠬᠤ ᠳᠠᠭᠠᠨ ᠮᠦᠨ ᠴᠠᠭᠠᠨ ᠢᠳᠡᠭᠡ ᠠᠮᠰᠠᠵᠤ ᠭᠠᠷᠤᠨ᠎ᠠ᠃ ᠡᠨᠡ ᠮᠡᠲᠦ ᠴᠠᠭᠠᠨ ᠰᠠᠷ᠎ᠠ ᠲᠠᠢ ᠬᠤᠯᠪᠤᠭᠠᠲᠠᠢ ᠶᠤᠰᠤ ᠲᠦᠷᠦ ᠠᠷᠪᠢᠨ ᠪᠦᠭᠡᠳ ᠮᠤᠩᠭᠤᠯ ᠤᠨ ᠤᠯᠠᠨ ᠶᠠᠰᠤᠲᠠᠨ ᠦᠨᠳᠦᠰᠦᠲᠡᠨ᠂ ᠭᠠᠵᠠᠷ ᠤᠷᠤᠨ ᠳᠤ ᠦᠭᠡᠷ᠎ᠡ ᠦᠭᠡᠷ᠎ᠡ ᠪᠠᠶᠢᠬᠤ ᠴᠤ ᠪᠤᠢ᠃ ᠴᠠᠭᠠᠨ ᠰᠠᠷ᠎ᠠ ᠪᠠᠷ ᠪᠠᠷᠢᠮᠲᠠᠯᠠᠳᠠᠭ ᠨᠡᠶᠢᠲᠡ ᠮᠤᠩᠭᠤᠯᠴᠤᠳ ᠤᠨ ᠲᠦᠭᠡᠮᠡᠯ ᠶᠤᠰᠤ ᠪᠤᠯ ᠲᠡᠷᠡ ᠵᠢᠯ ᠤᠨ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠢᠳᠡᠭᠡ ᠤᠮᠳᠠᠨ ᠤ ᠦᠩᠭᠡ ᠠᠮᠲᠠ ᠰᠢᠮᠲᠡ ᠠᠴᠠ ᠡᠬᠢᠯᠡᠭᠡᠳ᠂ ᠢᠷᠡᠭᠰᠡᠨ ᠭᠡᠶᠢᠴᠢᠨ ᠵᠤᠴᠢᠨ ᠤ ᠦᠭᠡ ᠶᠠᠷᠢᠶ᠎ᠠ᠂ ᠠᠭᠠᠰᠢ ᠠᠷᠠᠨᠰᠢᠨ ᠬᠦᠷᠲᠡᠯ᠎ᠡ ᠴᠦᠮ ᠰᠠᠶᠢᠨ ᠰᠠᠶᠢᠬᠠᠨ ᠪᠤᠯᠪᠠᠰᠤ ᠲᠡᠷᠡ ᠨᠢᠭᠡᠨ ᠵᠢᠯ ᠳᠡᠭᠡᠨ ᠭᠡᠷ ᠬᠤᠳᠠᠯᠠᠭᠠᠷ ᠢᠶᠠᠨ ᠠᠮᠤᠷ ᠠᠮᠤᠭᠤᠯᠠᠩ᠂ ᠡᠯᠪᠡᠭ ᠳᠡᠯᠪᠡᠭ ᠪᠠᠶᠢᠨ᠎ᠠ ᠬᠡᠮᠡᠬᠦ ᠪᠡᠯᠭᠡᠳᠡᠯ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1