ᠮᠣᠩᠭᠤᠯ ᠭᠡᠷ
ᠨᠡᠶᠢᠲᠡᠯᠡᠭᠰᠡᠨ ᠴᠠᠭ᠄
2024/2/26
                   ᠠᠯᠠᠭᠤᠢ ᠮᠠᠨᠳᠤᠬᠤ        ᠲᠠᠯ᠎ᠠ ᠪᠠᠨ ᠴᠢᠮᠡᠭᠰᠡᠨ      ᠲᠠᠨᠠᠨ ᠴᠠᠭᠠᠨ ᠮᠥᠭᠦ ᠭᠡᠯᠲᠡᠢ      ᠲᠡᠭᠡᠭᠡᠵᠦ ᠠᠴᠢᠶᠠᠯᠠᠵᠤ ᠨᠡᠭᠦᠬᠦ ᠳᠤ      ᠲᠡᠦᠬᠡ ᠬᠦᠦᠷᠨᠢᠭᠰᠡᠨ ᠠᠴᠢᠶ᠎ᠠ       ᠲᠣᠭᠤᠨᠣ᠂ ᠣᠨᠢ᠂ ᠬᠠᠨ᠎ᠠ᠂ ᠬᠠᠭᠠᠯᠭ᠎ᠠ      ᠳᠡᠭᠡᠪᠦᠷ᠂ ᠲᠤᠭᠤᠷᠭ᠎ᠠ᠂ ᠬᠠᠶᠠᠭᠠᠪᠴᠢ      ᠣᠭᠤᠰᠣᠷ᠂ ᠵᠡᠭᠡᠭ᠂ ᠪᠦᠰᠡᠯᠡᠭᠦᠷ      ᠣᠨᠴᠠ ᠤᠬᠠᠭᠠᠯᠢᠭ ᠪᠠᠷᠢᠯᠭ᠎ᠠ       ᠬᠢᠷᠢ ᠪᠠᠷᠤᠭ ᠤᠨ ᠰᠠᠯᠬᠢ ᠰᠢᠭᠤᠷᠭᠠᠨ ᠳᠤ      ᠬᠡᠶᠢᠰᠬᠦ ᠦᠭᠡᠢ ᠪᠠᠲᠤ ᠪᠠᠶᠢᠷᠢ ᠲᠠᠢ      ᠭᠠᠵᠠᠷ ᠬᠦᠳᠡᠯᠵᠦ ᠳᠣᠷᠭᠢᠭᠰᠠᠨ ᠴᠤ      ᠭᠠᠩᠬᠤᠵᠤ ᠨᠤᠷᠠᠬᠤ ᠦᠭᠡᠢ ᠲᠠᠶᠢᠪᠤᠩ       ᠬᠠᠯᠠᠭᠤᠨ ᠵᠤᠨ ᠤ ᠨᠠᠷᠠᠨ ᠳᠤ      ᠬᠠᠶᠠᠭ᠎ᠠ ᠪᠠᠷ ᠰᠡᠷᠢᠭᠦᠨ ᠰᠠᠯᠬᠢ ᠲᠠᠢ      ᠬᠠᠬᠢᠷ ᠡᠪᠦᠯ ᠤᠨ ᠬᠦᠢᠲᠡᠨ ᠳᠤ      ᠬᠠᠯᠠᠭᠤ ᠲᠦᠭᠡᠨᠡᠬᠦ ᠲᠤᠯᠭ᠎ᠠ ᠲᠠᠢ       ᠤᠳᠤᠮᠲᠤ ᠮᠣᠩᠭᠤᠯ ᠤᠨ ᠰᠤᠤ ᠪᠢᠯᠢᠭ ᠢ      ᠦᠪᠯᠡᠵᠦ ᠦᠯᠡᠳᠡᠭᠰᠡᠨ ᠤᠷᠠᠯᠠᠯ ᠦᠷᠭᠦᠭᠡ      ᠬᠠᠭᠠᠰ ᠪᠦᠮᠪᠦᠷᠴᠡᠭ ᠢ ᠡᠷᠬᠡᠰᠢᠶᠡᠭᠰᠡᠨ      ᠬᠠᠭᠠᠨ ᠰᠠᠭᠤᠳᠠᠯ ᠲᠠᠢ ᠣᠷᠳᠣᠨ        ᠮᠣᠩᠭᠤᠯ ᠭᠡᠷ ᠦᠷᠯᠦᠭ ᠦᠨᠳᠦᠰᠦᠲᠡᠨ ᠤ ᠦᠶ᠎ᠡ ᠵᠠᠯᠭᠠᠭᠰᠠᠨ ᠡᠷᠳᠡᠨᠢ      ᠮᠣᠩᠭᠤᠯ ᠭᠡᠷ ᠣᠶᠤᠨ ᠲᠡᠭᠦᠰ ᠳᠡᠭᠡᠳᠦᠰ ᠤᠨ ᠤᠷ᠎ᠠ ᠰᠢᠩᠭᠡᠭᠰᠡᠨ ᠦᠯᠦᠭᠡᠢ      ᠮᠣᠩᠭᠤᠯ ᠭᠡᠷ ᠣᠯᠠᠨ ᠵᠠᠭᠤᠨ ᠤ ᠦᠯᠢᠭᠡᠷ ᠴᠢᠨᠳᠢᠭᠯᠠᠭᠰᠠᠨ ᠠᠯᠲᠠᠨ ᠰᠤᠳᠤᠷ      ᠮᠣᠩᠭᠤᠯ ᠭᠡᠷ ᠣᠷᠴᠢᠯᠠᠩ ᠳᠤ ᠮᠦᠩᠬᠡ ᠤᠭᠰᠠᠭ᠎ᠠ ᠶᠢᠨ ᠭᠠᠵᠠᠷ ᠤᠨ ᠲᠠᠮᠠᠭ᠎ᠠ᠃
 
ᠢᠷᠡᠯᠲᠡ᠄ ᠬᠦᠬᠡᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1