ᠤᠯᠠᠷᠢᠯ ᠤᠨ ᠡᠭᠡᠯᠵᠢ
ᠨᠡᠶᠢᠲᠡᠯᠡᠭᠰᠡᠨ ᠴᠠᠭ᠄
2024/11/6
                          ᠡᠷᠳᠡᠨᠢᠪᠠᠲᠤ      ᠨᠠᠮᠬᠠᠨ ᠰᠠᠯᠬᠢ ᠴᠡᠭᠡᠵᠢ ᠶᠢ ᠣᠩᠭᠤᠶᠢᠲᠠᠯ᠎ᠠ ᠰᠡᠷᠴᠢᠭᠢᠨᠡᠭᠡᠳ      ᠨᠠᠪᠴᠢᠰ ᠱᠠᠷᠴᠢᠭᠢᠨᠠᠬᠤ ᠨᠢ ᠵᠠᠭᠤᠨ ᠵᠢᠯ ᠤᠨ ᠭᠠᠩᠰᠠᠷᠠᠯ ᠮᠡᠲᠦ      ᠪᠣᠳᠣᠯ ᠰᠡᠳᠬᠢᠯ ᠬᠥᠬᠡ ᠲᠡᠭᠷᠢ ᠰᠢᠭ ᠶᠣᠯᠦ᠋ᠢᠭ᠌ᠰᠠᠨ      ᠪᠣᠯᠵᠣᠮᠣᠷ ᠵᠢᠷᠭᠢᠬᠦ ᠨᠢ ᠮᠢᠩᠭᠠᠨ ᠭᠠᠵᠠᠷ ᠤᠨ ᠲᠡᠷᠲᠡᠭᠡ ᠬᠡᠮᠡᠷ      ᠳᠣᠮᠤᠭ ᠤᠨ ᠥᠩᠭᠡᠲᠦ ᠰᠠᠷᠠᠨ ᠤ ᠭᠡᠷᠡᠯ ᠢ ᠬᠠᠴᠢᠷᠬᠠᠬᠤᠯᠠᠷ      ᠲᠤᠤᠯᠢᠰ ᠤᠨ ᠬᠢ ᠰᠢᠭ᠋ ᠴᠠᠭ ᠬᠤᠭᠤᠴᠠᠭ᠎ᠠ ᠵᠢᠩᠭᠢᠷ ᠵᠢᠩᠭᠢᠷ      ᠡᠭᠦᠯᠡᠨ ᠴᠢᠮᠡᠭᠲᠦ ᠥᠨᠳᠦᠷᠯᠢᠭ ᠤᠨ ᠳᠡᠭᠡᠭᠦᠷ ᠰᠢᠷᠲᠡᠬᠦᠯᠡᠷ      ᠦᠯᠢᠭᠡᠷ ᠤᠨ ᠬᠢ ᠰᠢᠭ ᠡᠷᠭᠢᠬᠦ ᠬᠤᠷᠸ᠎ᠠ ᠵᠢᠷᠦᠪ ᠵᠠᠷᠤᠪ      ᠬᠡᠮᠵᠢᠶ᠎ᠡ ᠬᠢᠵᠠᠭᠠᠷ ᠦᠭᠡᠢ ᠭᠦᠨ ᠣᠭᠲᠠᠷᠭᠤᠢ ᠭᠡᠲᠡᠯ᠎ᠡ      ᠬᠡᠳᠦᠢ ᠤᠳᠠᠲᠠᠯ᠎ᠠ ᠰᠢᠪᠠᠭᠤᠳ ᠢᠶᠠᠨ ᠵᠢᠷᠭᠢᠭᠦᠯᠦᠨ ᠠᠷᠭᠠᠳᠠᠨ᠎ᠠ      ᠳᠤᠯᠠᠭᠠᠬᠠᠨ ᠰᠢᠷᠭᠠᠯ ᠡᠩᠬᠦᠷᠡᠢ ᠤᠯᠠᠷᠢᠯ ᠤᠨ ᠭᠠᠳᠠᠨ᠎ᠠ      ᠲᠣᠪ ᠳᠤᠭᠤᠢ ᠰᠡᠳᠬᠢᠯ ᠤᠨ ᠥᠩᠭᠡ ᠪᠠᠨ ᠳᠢᠭᠯᠡᠨ᠎ᠡ      ᠴᠠᠭ ᠤᠨ ᠭᠦᠶᠦᠳᠡᠯ ᠢ ᠬᠡᠨ ᠬᠤᠷᠢᠵᠤ ᠰᠠᠭᠠᠲᠠᠭᠠᠬᠤ ᠪᠤᠢ      ᠴᠠᠭᠠᠲᠤ ᠠᠭᠤᠯᠠᠨ ᠳᠤ ᠴᠠᠰᠤᠨ ᠰᠢᠮᠠᠷᠭ᠎ᠠ ᠪᠣᠰᠤᠨ᠎ᠠ      ᠭᠠᠯᠪᠠ ᠶᠢᠨ ᠵᠢᠮ᠎ᠡ ᠠᠴᠠ ᠭᠠᠯᠠᠭᠤᠳ ᠬᠡᠷᠬᠢᠨ ᠵᠥᠷᠢᠬᠦ ᠪᠤᠢ      ᠭᠠᠩᠭᠠᠷ ᠭᠤᠩᠭᠤᠷ ᠠᠷᠠᠯ ᠬᠤᠶᠢᠭ ᠲᠠᠭᠠᠨ ᠬᠤᠷᠭᠤᠳᠠᠨ᠎ᠠ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1