ᠲᠣᠭᠲᠠᠬᠤ ᠰᠢᠶᠠᠨ ᠪᠠᠭ᠎ᠠ ᠰᠤᠷᠭᠠᠭᠤᠯᠢ ᠶᠢᠨ ᠠᠩᠭ᠍ᠯᠢ ᠬᠡᠯᠡᠨ ᠤ ᠨᠠᠷᠠᠲᠤ ᠪᠠᠭᠰᠢ +  ᠬᠠᠮᠲᠤ ᠶᠢᠨ ᠴᠣᠭᠴᠠ ᠶᠢᠨ ᠲᠦᠪᠯᠡᠷᠡᠭᠦᠯᠦᠨ ᠰᠤᠳᠤᠯᠤᠨ ᠰᠤᠷᠤᠯᠴᠠᠬᠤ ᠠᠵᠢᠯᠯᠠᠭ᠎ᠠ ᠦᠷᠨᠢᠭᠦᠯᠪᠡ
ᠨᠡᠶᠢᠲᠡᠯᠡᠭᠰᠡᠨ ᠴᠠᠭ᠄
2024/10/15
      ᠰᠢᠨ᠎ᠡ ᠬᠢᠴᠢᠶᠡᠯ ᠤᠨ ᠪᠠᠷᠢᠮᠵᠢᠶ᠎ᠠ ᠶᠢᠨ ᠵᠢᠭᠠᠨ ᠰᠤᠷᠭᠠᠯᠲᠠ ᠶᠢᠨ ᠣᠶᠢᠯᠠᠭᠠᠭᠳᠠᠬᠤᠨ ᠢ ᠤᠯᠠᠮ ᠨᠢᠭᠡ ᠠᠯᠬᠤᠮ ᠨᠠᠶᠢᠳᠠᠪᠤᠷᠢᠵᠢᠭᠤᠯᠵᠤ᠂ ᠬᠠᠮᠲᠤ ᠶᠢᠨ ᠴᠣᠭᠴᠠ ᠶᠢᠨ ᠪᠦᠷᠢᠯᠳᠦᠭᠦᠨ ᠤ ᠵᠢᠭᠠᠨ ᠰᠤᠷᠭᠠᠯᠲᠠ ᠶᠢᠨ ᠴᠢᠳᠠᠪᠤᠷᠢ ᠶᠢ ᠳᠡᠭᠡᠭᠰᠢᠯᠡᠭᠦᠯᠦᠨ᠂ ᠭᠤᠣᠯᠯᠠᠭᠴᠢ ᠪᠠᠭᠰᠢ ᠶᠢᠨ ᠵᠢᠱᠢᠶ᠎ᠡ ᠦᠵᠡᠭᠦᠯᠬᠦ᠂ ᠬᠥᠲᠥᠯᠥᠨ ᠳᠠᠭᠠᠭᠤᠯᠬᠤ ᠦᠢᠯᠡᠳᠦᠯ ᠢ ᠭᠦᠢᠴᠡᠳ ᠪᠠᠳᠠᠷᠠᠭᠤᠯᠬᠤ ᠶᠢᠨ ᠲᠥᠯᠥᠭᠡ᠂ ᠣᠶᠢᠷ᠎ᠠ ᠳᠤ᠂ ᠲᠣᠭᠲᠠᠬᠤ ᠰᠢᠶᠠᠨ ᠤ ᠪᠠᠭ᠎ᠠ ᠰᠤᠷᠭᠠᠭᠤᠯᠢ ᠶᠢᠨ ᠠᠩᠭ᠍ᠯᠢ ᠬᠡᠯᠡᠨ ᠤ ᠨᠠᠷᠠᠲᠤ ᠪᠠᠭᠰᠢ + ᠬᠠᠮᠲᠤ ᠶᠢᠨ ᠴᠣᠭᠴᠠ ᠶᠢᠨ ᠰᠤᠳᠤᠯᠤᠨ ᠰᠤᠷᠤᠯᠴᠠᠬᠤ ᠪᠥᠬᠦ ᠭᠡᠰᠢᠭᠦᠳ ᠨᠢᠭᠡ ᠲᠠᠩᠬᠢᠮ ᠳᠤ ᠴᠤᠭᠯᠠᠷᠠᠵᠤ᠂ ᠨᠢᠭᠡᠴᠢ ᠪᠦᠬᠦᠯᠢ ᠴᠣᠭᠴᠠᠲᠤ ᠵᠢᠭᠠᠨ ᠰᠤᠷᠭᠠᠯᠲᠠ ᠪᠠᠷ ᠭᠤᠣᠯ ᠰᠡᠳᠦᠪ ᠪᠣᠯᠭᠠᠨ ᠪᠦᠬᠦᠯᠢ ᠴᠣᠭᠴᠠᠲᠤ ᠰᠤᠳᠤᠯᠤᠨ ᠰᠤᠷᠤᠯᠴᠠᠬᠤ ᠠᠵᠢᠯ ᠢ ᠥᠷᠨᠢᠭᠦᠯᠪᠡ᠃      ᠲᠤᠰ ᠤᠳᠠᠭᠠᠨ ᠤ ᠰᠤᠳᠤᠯᠤᠨ ᠶᠠᠷᠢᠯᠴᠠᠬᠤ ᠭᠤᠣᠯ ᠰᠡᠳᠦᠪ ᠪᠠ ᠲᠤᠰ ᠬᠤᠭᠤᠴᠠᠭᠠᠨ ᠤ ᠠᠵᠢᠯ ᠤᠨ ᠲᠠᠯ᠎ᠠ ᠪᠠᠷ ᠪᠣᠳᠠᠲᠠᠢ ᠲᠣᠬᠢᠷᠠᠭᠤᠯᠤᠯᠲᠠ ᠬᠢᠵᠡᠢ᠃      ᠳᠠᠷᠠᠭ᠎ᠠ ᠨᠢ᠂ ᠪᠦᠬᠦ ᠭᠡᠰᠢᠭᠦᠳ ᠬᠠᠮᠲᠤ ᠪᠠᠷ ᠬᠤᠶᠠᠷ ᠬᠡᠰᠡᠭ ᠪᠦᠬᠦᠯᠢ ᠴᠣᠭᠴᠠᠲᠤ ᠵᠢᠭᠠᠨ ᠰᠤᠷᠭᠠᠯᠲᠠ ᠶᠢᠨ ᠰᠢᠯᠢᠳᠡᠭ ᠬᠢᠴᠢᠶᠡᠯ ᠢ ᠲᠣᠭᠤᠷᠢᠨ ᠰᠤᠷᠤᠯᠴᠠᠵᠤ᠂ ᠨᠢᠭᠡᠳᠦᠭᠡᠷ ᠬᠢᠴᠢᠶᠡᠯ ᠨᠢ ᠠᠮᠢᠲᠠᠨ ᠤ ᠬᠦᠷᠢᠶᠡᠯᠡᠩ ᠢᠶᠠᠷ ᠲᠣᠭᠤᠷᠢᠨ ᠦᠵᠡᠬᠦ ᠪᠠᠷ ᠭᠤᠣᠯ ᠰᠢᠵᠢᠮ ᠪᠣᠯᠭᠠᠵᠤ᠂ ᠬᠡᠦᠬᠡᠳ ᠤᠳ ᠢ ᠳᠠᠭᠠᠭᠤᠯᠤᠨ ᠠᠮᠢᠲᠠᠨ ᠤ ᠬᠦᠷᠢᠶᠡᠯᠡᠩ ᠤᠨ ᠠᠯᠢᠪᠠ ᠶᠢ ᠪᠡᠶ᠎ᠡ ᠪᠠᠷ ᠢᠶᠠᠨ ᠰᠤᠷᠤᠯᠴᠠᠨ ᠪᠡᠶᠡᠴᠢᠯᠡᠨ ᠣᠶᠢᠯᠠᠭᠠᠵᠤ᠂ ᠬᠠᠮᠤᠭ ᠰᠡᠭᠦᠯ ᠳᠤ ᠭᠠᠷ ᠠᠪᠤᠯᠭ᠎ᠠ ᠶᠢᠨ ᠳᠠᠰᠬᠠᠯ ᠬᠢᠬᠦ ᠨᠢ ᠲᠤᠰ ᠬᠢᠴᠢᠶᠡᠯ ᠤᠨ ᠪᠤᠢ ᠪᠦᠬᠦᠢ ᠭᠤᠣᠯᠳᠠᠯᠭ᠎ᠠ ᠲᠠᠢ ᠮᠡᠳᠡᠯᠭᠡ ᠶᠢ ᠣᠷᠭᠠᠨᠢᠭ ᠢᠶᠠᠷ ᠠᠭᠤᠰᠤᠯᠴᠠᠭᠤᠯᠵᠤ᠂ ᠵᠢᠷᠤᠭ ᠲᠥᠯᠥᠪᠯᠡᠭᠡ ᠨᠢ ᠲᠤᠶᠢᠯ ᠤᠨ ᠤᠷᠠᠨ ᠳᠡᠮᠲᠡᠢ ᠪᠣᠯᠪᠠ᠃      ᠬᠤᠶᠠᠳᠤᠭᠠᠷ ᠬᠢᠴᠢᠶᠡᠯ ᠤᠨ ᠭᠤᠣᠯ ᠰᠡᠳᠦᠪ ᠤᠨ ᠲᠥᠯᠥᠪᠯᠡᠭᠡ ᠨᠢ ᠠᠮᠢᠳᠤᠷᠠᠯ ᠤᠨ ᠪᠣᠳᠠᠲᠤ ᠪᠠᠶᠢᠳᠠᠯ ᠠᠴᠠ ᠡᠭᠦᠰᠴᠦ᠂ ᠬᠡᠦᠬᠡᠳ ᠤᠨ ᠤᠷᠮ᠎ᠠ ᠪᠠᠬ᠎ᠠ ᠶᠢ ᠭᠦᠢᠴᠡᠳ ᠲᠠᠶᠢᠴᠢᠯᠠᠪᠠ᠃ ᠢᠯᠠᠩᠭᠤᠶ᠎ᠠ ᠬᠠᠮᠤᠭ ᠰᠡᠭᠦᠯᠴᠢ ᠶᠢᠨ ᠪᠢᠴᠢᠯᠭᠡ ᠶᠢᠨ ᠬᠡᠰᠡᠭ ᠲᠤ ᠨᠢᠭᠡᠳᠦᠭᠡᠷ ᠬᠢᠴᠢᠶᠡᠯ ᠤᠨ ᠴᠠᠭ ᠤᠨ ᠶᠠᠷᠢᠯᠴᠠᠭᠠᠨ ᠤ ᠬᠢᠴᠢᠶᠡᠯ ᠤᠨ ᠥᠭᠦᠯᠡᠪᠦᠷᠢ ᠶᠢᠨ ᠬᠡᠯᠪᠡᠷᠢ ᠶᠢ ᠠᠭᠤᠰᠬᠠᠨ ᠨᠡᠶᠢᠯᠡᠭᠦᠯᠵᠦ᠂ ᠬᠠᠭᠤᠴᠢᠨ ᠢᠶᠠᠨ ᠳᠠᠪᠲᠠᠵᠤ ᠰᠢᠨ᠎ᠡ ᠶᠢ ᠮᠡᠳᠡᠬᠦ ᠠᠵᠢᠯ ᠢ ᠪᠦᠲᠦᠮᠵᠢᠲᠡᠶ ᠬᠢᠵᠡᠢ  ᠃      ᠲᠣᠰ ᠤᠳᠠᠭᠠᠨ ᠤ ᠰᠤᠳᠤᠯᠤᠨ ᠰᠤᠷᠤᠯᠴᠠᠬᠤ ᠠᠵᠢᠯᠯᠠᠭ᠎ᠠ ᠬᠡᠳᠦᠶᠢᠪᠡᠷ ᠨᠢᠭᠡ ᠬᠤᠭᠤᠴᠠᠭ᠎ᠠ ᠳᠠᠭᠤᠰᠤᠭᠰᠠᠨ ᠪᠣᠯᠪᠠᠴᠤ ᠣᠯᠠᠨ ᠤ ᠬᠠᠮᠲᠤ ᠶᠢᠨ ᠴᠢᠷᠮᠠᠶᠢᠯᠭ᠎ᠠ ᠳᠣᠣᠷ᠎ᠠ᠂ ᠯᠠᠪᠲᠠᠢ ᠴᠠᠭ ᠦᠶ᠎ᠡ ᠲᠠᠢ ᠵᠡᠷᠭᠡ ᠪᠠᠷ ᠤᠷᠤᠭᠰᠢᠯᠠᠵᠤ᠂ ᠨᠢᠭᠡ ᠰᠡᠳᠬᠢᠯ ᠢᠶᠠᠷ ᠵᠢᠭᠠᠨ ᠰᠤᠷᠭᠠᠯᠲᠠ ᠬᠢᠵᠦ᠂ ᠬᠢᠴᠢᠶᠡᠯ ᠤᠨ ᠲᠠᠩᠬᠢᠮ ᠢ ᠭᠦᠨᠵᠡᠭᠡᠢ ᠬᠠᠭᠠᠯᠪᠤᠷᠢᠯᠠᠨ᠂ ᠲᠤᠰᠬᠠᠢ ᠮᠡᠷᠭᠡᠵᠢᠯ ᠤᠨ ᠪᠤᠶᠢᠵᠢᠯᠲᠠ ᠶᠢᠨ ᠵᠠᠮ ᠳᠡᠭᠡᠷ᠎ᠡ ᠥᠪᠡᠷ ᠤᠨ ᠳᠠᠯᠳᠠ ᠬᠦᠴᠦᠨ ᠢᠶᠠᠨ ᠭᠦᠢᠴᠡᠳ ᠠᠭᠤᠳᠠᠯᠵᠤ᠂ ᠰᠤᠷᠤᠭᠴᠢᠳ ᠲᠤ ᠳᠡᠯᠡᠬᠡᠢ ᠶᠢᠷᠲᠢᠨᠴᠦ ᠶᠢ ᠬᠠᠷᠠᠬᠤ ᠴᠣᠩᠬᠤ ᠨᠡᠭᠡᠭᠡᠵᠦ ᠥᠭᠬᠦ ᠶᠤᠮ ᠭᠡᠳᠡᠭ ᠢ ᠢᠲᠡᠭᠡᠵᠦ ᠪᠠᠶᠢᠨ᠎ᠠ᠃ ᠢᠷᠡᠯᠳᠡ᠄ ᠲᠤᠭᠳᠠᠬᠤ ᠰᠢᠶᠠᠨ ᠤ ᠬᠠᠮ ᠵᠠᠭᠤᠴᠢᠯᠠᠭᠤᠷ ᠤᠨ ᠲᠥᠪ ᠶᠦᠨ ᠵᠥᠩ ᠬᠠᠮ ᠵᠠᠭᠤᠴᠢᠯᠠᠭᠤᠷ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1