ᠡᠶᠢᠮᠦ ᠪᠠᠶᠢᠳᠠᠯ ᠳᠤ ᠭᠠᠷ ᠤᠲᠠᠰᠤ ᠪᠠᠷ ᠲᠣᠭᠯᠠᠪᠠᠯ ᠲᠣᠷᠭᠠᠨ᠎ᠠ
ᠨᠡᠶᠢᠲᠡᠯᠡᠭᠰᠡᠨ ᠴᠠᠭ᠄
2023/8/10
      ᠶᠠᠪᠠᠭᠠᠨ ᠤ ᠵᠠᠮ ᠤᠨ ᠡᠷᠢᠶᠡᠨ ᠵᠢᠷᠤᠭᠠᠰᠤ ᠪᠠᠷ ᠭᠠᠷᠬᠤ ᠳᠤ ᠭᠠᠷ ᠤᠲᠠᠰᠤ ᠱᠠᠭᠠᠶᠢᠪᠠᠯ ᠳᠣᠷᠭᠠᠭᠤᠯᠢ ᠲᠠᠢ ᠪᠤᠯᠤᠯ᠎ᠠ᠃                      ᠰᠢᠶᠠᠮᠧᠨ ᠬᠤᠳᠠ ᠳᠤ᠂ ᠨᠢᠭᠡ ᠪᠦᠯᠦᠭ ᠬᠥᠮᠥᠰ ᠴᠢᠬᠢᠪᠴᠢ ᠵᠡᠭᠦᠵᠦ᠂ ᠡᠷᠢᠶᠡᠨ ᠱᠤᠭᠤᠮ ᠥᠩᠭᠡᠷᠡᠬᠦ ᠦᠶ᠎ᠡ ᠭᠠᠷ ᠤᠲᠠᠰᠤ ᠨᠠᠭᠠᠳᠤᠭᠰᠠᠨ ᠠᠴᠠ ᠪᠤᠯᠵᠦ᠂ ᠵᠠᠮ ᠬᠠᠷᠢᠯᠴᠠᠭᠠᠨ ᠤ ᠴᠠᠬᠳᠠᠭ᠎ᠠ ᠲᠡᠭᠦᠨ ᠳᠤ ︽ᠶᠠᠪᠠᠭᠠᠨ ᠬᠥᠮᠥᠨ ᠡᠷᠢᠶᠡᠨ ᠱᠤᠭᠤᠮ ᠥᠩᠭᠡᠷᠡᠬᠦ ᠦᠶ᠎ᠡ ᠭᠠᠷ ᠤᠲᠠᠰᠤ ᠨᠠᠭᠠᠳᠤᠭᠠᠳ ᠵᠠᠮ ᠬᠠᠷᠢᠯᠴᠠᠭᠠᠨ ᠤ ᠠᠮᠤᠷ ᠲᠦᠪᠰᠢᠨ ᠢ ᠨᠦᠯᠦᠬᠡᠯᠡᠭᠰᠡᠨ ᠰᠢᠢᠳᠬᠡᠯ ᠦᠭᠭᠦ ᠲᠣᠭᠲᠠᠭᠠᠯ ᠤᠨ ᠪᠢᠴᠢᠭ︾ ᠢ ᠭᠠᠷᠳᠠᠭᠤᠯᠵᠠᠢ᠃ ᠡᠨᠡ ᠪᠣᠯ ᠭᠠᠷᠠᠭ ᠤᠨ ᠬᠤᠶᠠᠷ ᠲᠤ ︽ᠰᠢᠶᠠᠮᠧᠨ ᠤ ᠠᠵᠤ ᠠᠬᠤᠢ ᠶᠢᠨ ᠣᠨᠴᠠᠭᠠᠶ ᠣᠷᠣᠨ ᠤ ᠡᠷᠢᠶᠡᠨ ᠱᠤᠭᠤᠮ ᠤᠨ ᠵᠠᠮ ᠬᠠᠷᠢᠯᠴᠠᠭᠠᠨ ᠤ   ᠠᠶᠦᠯᠬᠦᠢ ᠶᠢᠨ ᠬᠠᠮᠢᠶᠠᠷᠤᠯᠲᠠ ᠶᠢᠨ ᠲᠣᠭᠲᠠᠭᠠᠯ︾ ᠢ ᠬᠡᠷᠡᠭᠵᠢᠭᠦᠯᠦᠭᠰᠡᠨ ᠤ ᠳᠠᠷᠠᠭ᠎ᠠ ᠭᠠᠷᠭᠠᠭᠰᠠᠨ ᠠᠩᠬᠠᠨ ᠤ ᠲᠣᠷᠭᠠᠭᠤᠯᠢ ᠶᠢᠨ ᠬᠠᠭᠤᠳᠠᠰᠤ ᠪᠤᠯᠬᠤ ᠶᠤᠮ᠃                                      ᠰᠢᠶᠠᠮᠧᠨ ᠬᠤᠳᠠ᠂ ᠵᠧᠵᠢᠶᠠᠩ ᠤᠨ ᠸᠧᠨᠵᠸᠦ᠂ ᠵᠢᠶᠠ ᠰᠢᠩ᠂ ᠳᠠᠶᠢᠵᠸᠦ᠂ ᠬᠠᠩᠵᠧᠦ ᠪᠣᠯᠣᠨ ᠾᠧᠨᠠᠨ ᠮᠤᠵᠢ ᠵᠡᠷᠭᠡ ᠣᠯᠠᠨ ᠭᠠᠵᠠᠷ ᠤᠨ ᠬᠢᠨ ᠴᠥᠮ ᠬᠠᠮᠢᠶᠠᠳᠠᠢ ᠬᠠᠤᠯᠢ ᠲᠣᠭᠲᠠᠭᠠᠯ ᠭᠠᠷᠭᠠᠵᠦ᠂ ︽ᠶᠠᠪᠠᠭᠠᠨ ᠬᠥᠮᠥᠨ ᠡᠷᠢᠶᠡᠨ ᠱᠤᠭᠤᠮ ᠢᠶᠠᠷ ᠭᠠᠷ ᠣᠳᠠᠰᠦ ᠪᠤᠶᠤ ᠡᠯᠧᠺᠲᠷᠣᠨ ᠲᠣᠨᠤᠭ ᠲᠥᠬᠦᠭᠡᠷᠦᠮᠵᠢ ᠱᠠᠭᠠᠶᠢᠬᠤ ᠶᠢ ᠴᠠᠭᠠᠵᠠᠯᠠᠨ᠎ᠠ︾᠂ ᠵᠥᠷᠢᠴᠡᠭᠰᠡᠳ ᠢ ᠬᠠᠮᠤᠭ ᠤᠨ ᠥᠨᠳᠥᠷ ᠲᠡᠭᠡᠨ 200 ᠲᠥᠭᠦᠷᠢᠭ ᠢᠶᠠᠷ ᠲᠣᠷᠭᠠᠵᠤ ᠪᠣᠯᠣᠨ᠎ᠠ ᠭᠡᠵᠦ ᠲᠤᠬᠳᠠᠵᠠᠢ᠃ᠢᠷᠡᠯᠳᠡ᠄ ᠠᠷᠠᠳ ᠤᠨ ᠰᠦᠯᠵᠢᠶ᠎ᠡ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1