ᠲᠣᠭᠲᠠᠬᠤ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠰᠤᠷᠭᠠᠭᠤᠯᠢ ᠶᠢᠨ ᠬᠦᠷᠢᠶᠡᠨ ᠤ ︽ᠰᠦᠷᠳᠡᠭᠦᠯᠦᠯ ᠢ ᠡᠰᠡᠷᠭᠦᠴᠡᠬᠦ ᠬᠦᠴᠦᠷᠬᠡᠭᠯᠡᠯ ᠢ ᠰᠡᠷᠭᠡᠶᠢᠯᠡᠬᠦ︾ ᠪᠠᠴᠢᠮ ᠪᠠᠶᠢᠳᠠᠯ ᠢ ᠠᠷᠭᠠᠴᠠᠬᠤ ᠰᠣᠷᠢᠯᠲᠠ ᠪᠠ ᠰᠦᠷᠳᠡᠭᠦᠯᠦᠯ ᠢ ᠡᠰᠡᠷᠭᠦᠴᠡᠬᠦ ᠤᠬᠠᠭᠤᠯᠭ᠎ᠠ ᠬᠥᠮᠦᠵᠢᠯ ᠥᠷᠨᠢᠭᠦᠯᠪᠡ
ᠨᠡᠶᠢᠲᠡᠯᠡᠭᠰᠡᠨ ᠴᠠᠭ᠄
2023/7/3
       ᠰᠤᠷᠭᠠᠭᠤᠯᠢ ᠶᠢᠨ ᠬᠦᠷᠢᠶᠡᠨ ᠤ ᠬᠦᠨᠳᠦ ᠶᠡᠭᠡ ᠭᠡᠨᠡᠳᠲᠡ ᠶᠢᠨ ᠰᠦᠷᠳᠡᠭᠦᠯᠦᠯ ᠤᠨ ᠬᠦᠴᠦᠷᠬᠡᠭᠯᠡᠯ ᠤᠨ ᠳᠠᠭᠠᠷᠢᠯᠲᠠ ᠶᠢᠨ ᠬᠡᠷᠡᠭ ᠤᠨ ᠬᠤᠣᠷ ᠬᠥᠨᠥᠭᠡᠯ ᠢ ᠪᠦᠲᠦᠮᠵᠢᠲᠡᠢ ᠰᠡᠷᠭᠡᠶᠢᠯᠡᠬᠦ ᠪᠠ ᠴᠠᠭ ᠲᠤᠬᠠᠢ ᠳᠤᠨᠢ ᠡᠵᠡᠮᠳᠡᠨ ᠠᠷᠢᠯᠭᠠᠵᠤ᠂ ᠰᠤᠷᠭᠠᠭᠤᠯᠢ ᠶᠢᠨ ᠬᠦᠷᠢᠶᠡᠨ ᠤ ᠬᠡᠪ ᠤᠨ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠡᠮᠬᠢ ᠳᠢᠭᠯᠢᠮ ᠢ ᠬᠠᠮᠠᠭᠠᠯᠠᠬᠤ ᠶᠢᠨ ᠲᠥᠯᠥᠭᠡ᠂ ᠭᠡᠨᠡᠳᠲᠡ ᠶᠢᠨ ᠰᠦᠷᠳᠡᠭᠦᠯᠦᠯ ᠤᠨ ᠬᠡᠷᠡᠭ ᠢ ᠠᠷᠭᠠᠴᠠᠬᠤ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠴᠢᠳᠠᠪᠤᠷᠢ ᠶᠢ ᠲᠡᠭᠡᠭᠰᠢᠯᠡᠭᠦᠯᠬᠦ ᠶᠢᠨ ᠲᠦᠯᠦᠭᠡ᠂ ᠲᠣᠭᠲᠠᠬᠤ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠰᠦᠷᠳᠡᠭᠦᠯᠦᠯ ᠢ ᠡᠰᠡᠷᠭᠦᠴᠡᠬᠦ ᠪᠠ ᠣᠨᠴᠠᠭᠠᠶ ᠴᠠᠭᠳᠠᠭ᠎ᠠ ᠶᠢᠨ ᠶᠡᠭᠡ ᠠᠩᠭᠢ ᠶᠢᠨ ᠬᠢᠨ ︽ᠬᠡᠷᠡᠭ ᠭᠠᠷᠬᠤ ᠠᠴᠠ ᠡᠮᠦᠨ᠎ᠡ ᠵᠣᠭᠰᠣᠬᠤ︾ ᠪᠠ ︽ᠤᠷᠢᠳᠴᠢᠯᠠᠨ ᠰᠡᠷᠭᠡᠶᠢᠯᠡᠬᠦ ᠪᠠᠷ ᠭᠤᠣᠯ ᠪᠣᠯᠭᠠᠵᠤ᠂ ᠠᠶᠤᠯ ᠭᠠᠷᠬᠤ   ᠠᠴᠠ ᠡᠮᠦᠨ᠎ᠡ ᠰᠡᠷᠭᠡᠶᠢᠯᠡᠬᠦ︾ ᠵᠠᠷᠴᠢᠮ   ᠢ ᠪᠠᠷᠢᠮᠲᠠᠯᠠᠨ᠂ ᠰᠤᠷᠭᠠᠭᠤᠯᠢ ᠶᠢᠨ ᠬᠦᠷᠢᠶᠡᠨ ᠤ ︽ᠰᠦᠷᠳᠡᠭᠦᠯᠦᠯ ᠢ ᠡᠰᠡᠷᠭᠦᠴᠡᠨ ᠬᠦᠴᠦᠷᠬᠡᠭᠯᠡᠯ ᠢ ᠰᠡᠷᠭᠡᠶᠢᠯᠡᠬᠦ︾ ᠪᠠᠴᠢᠮ ᠪᠠᠶᠢᠳᠠᠯ ᠢ ᠠᠷᠭᠠᠴᠠᠬᠤ ᠰᠣᠷᠢᠯᠲᠠ ᠵᠢᠴᠢ ᠰᠦᠷᠳᠡᠭᠦᠯᠦᠯ ᠢ ᠡᠰᠡᠷᠭᠦᠴᠡᠬᠦ ᠤᠬᠠᠭᠤᠯᠭ᠎ᠠ ᠬᠥᠮᠦᠵᠢᠯ ᠵᠢᠴᠢ ᠣᠨᠴᠠᠭᠠᠶ ᠴᠠᠭᠳᠠᠭ᠎ᠠ ᠶᠢᠨ ᠰᠦᠷᠳᠡᠭᠦᠯᠦᠯ ᠢ ᠡᠰᠡᠷᠭᠦᠴᠡᠬᠦ ᠵᠡᠪᠰᠡᠭ ᠤᠨ ᠦᠵᠡᠭᠦᠯᠦᠯᠭᠡ   ᠶᠢᠨ ᠠᠵᠢᠯᠯᠠᠭ᠎ᠠ ᠨᠤᠭᠤᠳ   ᠢ ᠥᠷᠨᠢᠭᠦᠯᠵᠡᠢ᠃      ᠲᠣᠭᠲᠠᠬᠤ ᠰᠢᠶᠠᠨ ᠤ ᠦᠨᠳᠦᠰᠦᠲᠡᠨ ᠤ ᠬᠡᠦᠬᠡᠳ ᠤᠨ ᠴᠡᠴᠡᠷᠯᠢᠭ ᠲᠤ᠂ ᠪᠠᠭᠠᠴᠤᠳ ᠤᠨ ᠣᠷᠳᠣᠨ ᠤ ᠬᠡᠦᠬᠡᠳ ᠤᠨ ᠴᠡᠴᠡᠷᠯᠢᠭ ᠨᠢ ᠣᠯᠠᠨ ᠴᠢᠳᠠᠪᠤᠷᠢᠲᠤ ᠬᠢᠴᠢᠶᠡᠯ ᠤᠨ ᠭᠡᠷ ᠲᠤ ᠪᠠᠶᠢᠵᠤ᠂ ᠣᠨᠴᠠᠭᠠᠶ ᠴᠠᠭᠳᠠᠭᠤᠯ ᠴᠠᠭᠳᠠᠭ᠎ᠠ ᠶᠢᠨ ᠶᠡᠭᠡ ᠠᠩᠭᠢ ᠶᠢᠨ ᠠᠷᠠᠳ ᠤᠨ ᠴᠠᠭᠳᠠᠭ᠎ᠠ ᠰᠤᠷᠭᠠᠭᠤᠯᠢ ᠶᠢᠨ ᠠᠮᠤᠷ ᠢ ᠬᠠᠮᠠᠭᠠᠯᠠᠬᠤ ᠪᠣᠳᠠᠲᠤ ᠪᠠᠶᠢᠳᠠᠯ ᠵᠢᠴᠢ ᠣᠶᠢᠷ᠎ᠠ ᠶᠢᠨ ᠵᠢᠯ ᠳᠤ ᠤᠯᠤᠰ ᠤᠨ ᠳᠣᠲᠣᠭᠠᠳᠤ ᠶᠢᠨ ᠰᠤᠷᠭᠠᠭᠤᠯᠢ ᠶᠢᠨ ᠬᠦᠷᠢᠶᠡᠨ ᠳᠤ ᠡᠭᠦᠰᠦᠭᠰᠡᠨ ᠬᠦᠴᠦᠷᠬᠡᠭᠯᠡᠯ ᠰᠦᠷᠳᠡᠭᠦᠯᠦᠯ ᠤᠨ ᠬᠡᠷᠡᠭ ᠤᠨ ᠨᠡᠶᠢᠲᠡᠯᠢᠭ ᠬᠡᠷᠡᠭ ᠲᠠᠢ ᠤᠶᠠᠯᠳᠤᠭᠤᠯᠤᠨ᠂ ᠪᠠᠭᠰᠢ ᠰᠤᠷᠤᠭᠴᠢᠳ ᠤᠨ ᠬᠠᠷᠠᠭᠠᠨ ᠠᠴᠠ ᠡᠭᠦᠰᠴᠦ᠂ ᠰᠤᠷᠭᠠᠭᠤᠯᠢ ᠶᠢᠨ ᠬᠦᠷᠢᠶᠡᠨ ᠤ ᠰᠦᠷᠳᠡᠭᠦᠯᠦᠯ ᠤᠨ ᠳᠠᠭᠠᠷᠢᠯᠲᠠ ᠶᠢ ᠰᠡᠷᠭᠡᠶᠢᠯᠡᠬᠦ ᠺᠠᠷᠲ᠋ᠣᠨ ᠤᠬᠠᠭᠤᠯᠭ᠎ᠠ ᠶᠢᠨ ᠹᠢᠯᠢᠮ ᠢ ᠨᠡᠪᠲᠡᠷᠡᠭᠦᠯᠬᠦ᠂ ᠲᠤᠬᠠᠢ ᠶᠢᠨ ᠲᠠᠯᠠᠪᠤᠷ ᠲᠤ ᠠᠰᠠᠭᠤᠯᠲᠠ ᠬᠠᠷᠢᠭᠤᠯᠲᠠ ᠥᠭᠬᠦ ᠵᠡᠷᠭᠡ ᠬᠠᠷᠢᠯᠴᠠᠨ ᠬᠥᠳᠡᠯᠦᠯᠴᠡᠬᠦ ᠬᠡᠯᠪᠡᠷᠢ ᠪᠠᠷ ᠳᠠᠮᠵᠢᠭᠤᠯᠤᠨ᠂ ᠬᠢᠯᠪᠠᠷ ᠣᠶᠢᠯᠠᠭᠠᠮᠵᠢᠲᠠᠢ ᠦᠭᠡ ᠬᠡᠯᠡ ᠪᠠᠷ ᠪᠠᠭᠰᠢ ᠰᠤᠷᠤᠭᠴᠢᠳ ᠲᠤ ᠶᠠᠭᠤ ᠶᠢ ᠰᠦᠷᠳᠡᠭᠦᠯᠬᠦ ᠦᠵᠡᠯ ᠭᠡᠬᠦ᠂ ᠰᠤᠷᠭᠠᠭᠤᠯᠢ ᠶᠢᠨ ᠬᠦᠷᠢᠶᠡᠨ ᠳᠤ ᠪᠠᠶᠢᠩᠭᠤ ᠲᠣᠬᠢᠶᠠᠯᠳᠤᠳᠠᠭ ᠰᠦᠷᠳᠡᠭᠦᠯᠦᠯ ᠤᠨ ᠳᠠᠭᠠᠷᠢᠯᠲᠠ ᠶᠢᠨ ᠠᠷᠭ᠎ᠠ ᠪᠠᠷᠢᠯ ᠶᠠᠭᠤ ᠶᠠᠭᠤ ᠪᠠᠶᠢᠬᠤ᠂ ᠰᠦᠷᠳᠡᠭᠦᠯᠦᠯ ᠤᠨ ᠰᠡᠵᠢᠭᠲᠡᠨ ᠢ ᠬᠡᠷᠬᠢᠨ ᠢᠯᠭᠠᠨ ᠲᠠᠨᠢᠬᠤ᠂ ᠭᠡᠨᠡᠳᠲᠡ ᠶᠢᠨ ᠰᠦᠷᠳᠡᠭᠦᠯᠦᠯ ᠤᠨ ᠳᠠᠭᠠᠷᠢᠯᠲᠠ ᠳᠤ ᠤᠴᠠᠷᠠᠪᠠᠯ ᠬᠡᠷᠬᠢᠨ ᠥᠪᠡᠷ ᠢ ᠪᠠᠨ ᠠᠪᠤᠷᠠᠵᠤ ᠬᠠᠷᠢᠯᠴᠠᠨ ᠠᠪᠤᠷᠠᠬᠤ ᠵᠡᠷᠭᠡ ᠠᠭᠤᠯᠭ᠎ᠠ ᠶᠢ ᠨᠠᠷᠢᠨ ᠲᠣᠳᠣᠷᠬᠠᠢ ᠲᠠᠨᠢᠯᠴᠠᠭᠤᠯᠵᠠᠢ᠃        ᠰᠤᠷᠭᠠᠭᠤᠯᠢ ᠶᠢᠨ ᠪᠠᠭᠰᠢ ᠰᠤᠷᠤᠭᠴᠢᠳ ᠲᠤ ᠰᠦᠷᠳᠡᠭᠦᠯᠦᠯ ᠢ ᠡᠰᠡᠷᠭᠦᠴᠡᠬᠦ ᠬᠦᠴᠦᠷᠬᠡᠭᠯᠡᠯ ᠢ ᠰᠡᠷᠭᠡᠶᠢᠯᠡᠬᠦ ᠶᠢᠨ ᠠᠴᠢ ᠬᠤᠯᠪᠣᠭᠳᠠᠯ ᠢ ᠣᠶᠢᠯᠠᠭᠠᠭᠤᠯᠵᠤ᠂ ᠭᠡᠨᠡᠳᠲᠡ ᠶᠢᠨ ᠪᠠᠶᠢᠳᠠᠯ ᠳᠣᠣᠷᠠᠬᠢ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠠᠷᠭ᠎ᠠ ᠶᠢ ᠰᠤᠷᠭᠠᠪᠠ᠃      ᠰᠦᠷᠳᠡᠭᠦᠯᠦᠯ ᠢ ᠡᠰᠡᠷᠭᠦᠴᠡᠬᠦ ᠰᠢᠷᠢᠰ ᠬᠠᠤᠯᠢ ᠳᠦᠷᠢᠮ ᠤᠨ ᠤᠬᠠᠭᠤᠯᠤᠨ ᠲᠠᠶᠢᠯᠪᠤᠷᠢᠯᠠᠬᠤ ᠪᠠ ᠪᠠᠴᠢᠮ ᠪᠠᠶᠢᠳᠠᠯ ᠢ ᠠᠷᠭᠠᠴᠠᠬᠤ ᠰᠣᠷᠢᠯᠲᠠ ᠶᠢᠨ ᠠᠵᠢᠯᠯᠠᠭ᠎ᠠ ᠥᠷᠨᠢᠭᠦᠯᠬᠦ ᠪᠠᠷ ᠳᠠᠮᠵᠢᠭᠤᠯᠤᠨ᠂ ᠰᠦᠷᠳᠡᠭᠦᠯᠦᠯ ᠢ ᠡᠰᠡᠷᠭᠦᠴᠡᠬᠦ ᠪᠠ ᠣᠨᠴᠠ ᠴᠠᠭᠳᠠᠭ᠎ᠠ ᠶᠢᠨ ᠠᠩᠭᠢ ᠶᠢᠨ ᠭᠡᠨᠡᠳᠲᠡ ᠶᠢᠨ ᠴᠢᠨᠠᠷᠲᠠᠢ ᠬᠦᠴᠦᠷᠬᠡᠭᠯᠡᠯ᠂ ᠰᠦᠷᠳᠡᠭᠦᠯᠦᠯ ᠤᠨ ᠲᠥᠷᠥᠯ ᠤᠨ ᠬᠡᠷᠡᠭ ︵ᠬᠡᠷᠡᠭ︶ ᠢ ᠰᠢᠢᠳᠪᠦᠷᠢᠯᠡᠬᠦ ᠲᠤᠬᠠᠢ ᠶᠢᠨ ᠲᠠᠯᠠᠪᠤᠷ ᠤᠨ ᠵᠢᠯᠤᠭᠤᠳᠬᠤ ᠴᠢᠳᠠᠪᠤᠷᠢ ᠵᠢᠴᠢ ᠭᠠᠪᠰᠢᠭᠠᠶᠢᠯᠠᠭᠴᠢ ᠶᠢᠨ ᠲᠤᠬᠠᠢ ᠶᠢᠨ ᠲᠠᠯᠠᠪᠤᠷ ᠤᠨ ᠰᠢᠢᠳᠪᠦᠷᠢᠯᠡᠬᠦ ᠴᠢᠳᠠᠪᠤᠷᠢ ᠶᠢ ᠳᠡᠭᠡᠭᠰᠢᠯᠡᠭᠦᠯᠦᠭᠰᠡᠨ ᠢᠶᠠᠷ ᠪᠠᠷᠠᠬᠤ ᠦᠭᠡᠢ᠂ ᠡᠭᠦᠨ ᠤ ᠵᠡᠷᠭᠡ ᠳᠤ ᠪᠠᠰᠠ ᠬᠡᠦᠬᠡᠳ ᠤᠨ ᠴᠡᠴᠡᠷᠯᠢᠭ ᠤᠨ ᠬᠠᠮᠲᠤᠷᠠᠭᠰᠠᠨ ᠦᠢᠯᠡᠴᠢᠯᠡᠭᠡᠨ ᠤ ᠬᠠᠮᠲᠤᠷᠠᠨ ᠬᠥᠳᠡᠯᠦᠯᠴᠡᠵᠦ ᠬᠠᠮᠵᠢᠯᠴᠠᠬᠤ ᠴᠢᠳᠠᠪᠤᠷᠢ ᠶᠢ ᠳᠡᠭᠡᠭᠰᠢᠯᠡᠭᠦᠯᠵᠦ᠂ ᠰᠦᠷᠳᠡᠭᠦᠯᠦᠯ ᠢ ᠡᠰᠡᠷᠭᠦᠴᠡᠬᠦ ᠮᠡᠳᠡᠯᠭᠡ   ᠶᠢ ᠰᠤᠷᠭᠠᠭᠤᠯᠢ ᠶᠢᠨ ᠬᠦᠷᠢᠶᠡᠨ ᠳᠤ ᠲᠦᠭᠡᠮᠡᠯᠵᠢᠭᠦᠯᠬᠦ ᠶᠢ ᠠᠬᠢᠭᠤᠯᠵᠤ᠂ ᠪᠠᠭᠰᠢ ᠰᠤᠷᠤᠭᠴᠢᠳ ᠤᠨ ︽ᠰᠦᠷᠳᠡᠭᠦᠯᠦᠯ  ᠢ ᠲᠠᠨᠢᠬᠤ᠂ ᠰᠦᠷᠳᠡᠭᠦᠯᠦᠯ ᠢ ᠰᠡᠷᠭᠡᠶᠢᠯᠡᠬᠦ᠂ ᠰᠦᠷᠳᠡᠭᠦᠯᠦᠯ ᠢ ᠡᠰᠡᠷᠭᠦᠴᠡᠬᠦ︾ ᠤᠬᠠᠮᠰᠠᠷ ᠪᠣᠯᠣᠨ ᠪᠠᠴᠢᠮ ᠪᠠᠶᠢᠳᠠᠯ  ᠢ ᠠᠷᠭᠠᠴᠠᠵᠤ ᠠᠶᠤᠯ ᠠᠴᠠ ᠵᠠᠶᠢᠯᠠᠬᠤ ᠴᠢᠳᠠᠪᠤᠷᠢ   ᠶᠢ ᠤᠯᠠᠮ ᠨᠢᠭᠡ ᠠᠯᠬᠤᠮ ᠳᠡᠭᠡᠭᠰᠢᠯᠡᠭᠦᠯᠦᠭᠰᠡᠨ ᠪᠠᠶᠢᠨ᠎ᠠ᠃      ᠡᠨᠡ ᠵᠢᠯ ᠠᠴᠠ ᠨᠠᠰᠢ᠂ ᠲᠤᠭᠳᠠᠬᠤ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠰᠦᠷᠳᠡᠭᠦᠯᠦᠯ  ᠢ ᠡᠰᠡᠷᠭᠦᠴᠡᠬᠦ ᠪᠠ ᠣᠨᠴᠠᠭᠠᠶ ᠴᠠᠭᠳᠠᠭ᠎ᠠ ᠶᠢᠨ ᠶᠡᠭᠡ ᠠᠩᠭᠢ ᠰᠤᠷᠭᠠᠭᠤᠯᠢ ᠶᠢᠨ ᠬᠦᠷᠢᠶᠡᠨ ᠤ ᠡᠷᠭᠢᠨ ᠲᠣᠭᠤᠷᠢᠨ ᠤ ᠲᠣᠭᠤᠷᠢᠨ ᠴᠠᠭᠳᠠᠵᠤ ᠰᠡᠷᠭᠡᠶᠢᠯᠡᠨ ᠡᠵᠡᠮᠳᠡᠬᠦ᠂ ᠠᠮᠤᠷ ᠲᠦᠪᠰᠢᠨ ᠤ ᠤᠬᠠᠭᠤᠯᠭ᠎ᠠ ᠬᠥᠮᠦᠵᠢᠯ ᠢ ᠴᠢᠩᠭᠠᠳᠬᠠᠬᠤ᠂ ᠭᠡᠨᠡᠳᠲᠡ ᠶᠢᠨ ᠬᠡᠷᠡᠭ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠲᠣᠭᠲᠠᠴᠠ ᠶᠢ ᠪᠦᠷᠢᠨᠰᠢᠭᠦᠯᠦᠨ ᠲᠡᠭᠦᠯᠳᠡᠷᠵᠢᠭᠦᠯᠬᠦ ᠵᠡᠷᠭᠡ ᠠᠷᠭ᠎ᠠ ᠬᠡᠮᠵᠢᠶ᠎ᠡ ᠪᠠᠷ ᠳᠠᠮᠵᠢᠭᠤᠯᠤᠨ᠂ ︽ᠠᠮᠤᠷ ᠠᠮᠤᠭᠤᠯᠠᠩ ᠰᠤᠷᠭᠠᠭᠤᠯᠢ ᠶᠢᠨ ᠬᠦᠷᠢᠶ᠎ᠡ︾ ᠶᠢᠨ ᠪᠦᠲᠦᠭᠡᠨ ᠪᠠᠶᠢᠭᠤᠯᠤᠯᠲᠠ ᠶᠢ ᠯᠠᠪᠳᠠᠭᠤᠨ ᠪᠠᠲᠤᠲᠠᠢ ᠠᠬᠢᠭᠤᠯᠵᠤ᠂ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠶᠢ ᠬᠦᠴᠦᠲᠡᠢ ᠰᠦᠷᠳᠡᠭᠦᠯᠵᠦ᠂ ᠠᠷᠠᠳ ᠣᠯᠠᠨ ᠤ ᠠᠮᠤᠷ ᠲᠦᠪᠰᠢᠨ ᠤ ᠰᠡᠳᠬᠢᠯᠭᠡ ᠪᠣᠯᠣᠨ ᠬᠠᠨᠤᠮᠵᠢ  ᠶᠢᠨ ᠬᠡᠮᠵᠢᠶ᠎ᠡ   ᠶᠢ ᠪᠦᠬᠦ ᠲᠠᠯ᠎ᠠ ᠪᠠᠷ ᠳᠡᠭᠡᠭᠰᠢᠯᠡᠭᠦᠯᠦᠭᠰᠡᠨ ᠪᠠᠶᠢᠨ᠎ᠠ᠃ᠢᠷᠡᠯᠳᠡ᠄ ᠲᠤᠭᠳᠠᠬᠤ ᠰᠢᠶᠠᠨ ᠤ ᠬᠠᠮ ᠵᠠᠭᠤᠴᠢᠯᠠᠭᠤᠷ ᠤᠨ ᠲᠥᠪ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1