ᠳᠡᠯᠡᠬᠡᠶ ᠶᠢᠨ ᠪᠥᠮᠪᠥᠷᠴᠡᠭ ᠳᠡᠭᠡᠷ᠎ᠡ ᠲᠡᠮᠳᠡᠭᠯᠡᠯ ᠲᠠᠢ ᠪᠣᠯᠤᠭᠰᠠᠨ ᠠᠴᠠ ᠨᠠᠰᠢᠬᠢ ᠬᠠᠮᠤᠭ ᠤᠨ ᠬᠠᠯᠠᠭᠤᠨ ᠡᠳᠦᠷ︕
ᠨᠡᠶᠢᠲᠡᠯᠡᠭᠰᠡᠨ ᠴᠠᠭ᠄
2023/7/10
      ᠲᠤᠬᠠᠶ ᠶᠢᠨ ᠭᠠᠵᠠᠷ ᠤᠨ  ᠴᠠᠭ ᠢᠶᠠᠷ  7  ᠰᠠᠷ᠎ᠠ ᠶᠢᠨ  4 ᠤ  ᠡᠳᠦᠷ ᠤᠨ  ︽ᠤᠯᠤᠰ ᠤᠨ ᠬᠤᠷᠠᠯ ᠤᠨ ᠠᠭᠤᠯᠠ ᠰᠣᠨᠢᠨ︾ ᠤ ᠮᠡᠳᠡᠭᠡᠯᠡᠭᠰᠡᠨ ᠢᠶᠠᠷ᠂ ᠠᠮᠧᠷᠢᠺᠠ ᠶᠢᠨ ᠤᠯᠤᠰ ᠤᠨ ᠲᠡᠯᠡᠶ ᠲᠠᠩᠭᠢᠰ ᠪᠠ ᠠᠭᠠᠷ ᠮᠠᠨᠳᠠᠯ ᠤᠨ  ᠬᠠᠮᠢᠶᠠᠷᠤᠯᠲᠠ ᠶᠢᠨ ᠲᠣᠪᠴᠢᠶ᠎ᠠ ︵NOAAA︶ ᠶᠢᠨ ᠲᠤᠭ᠎ᠠ ᠪᠠᠷᠢᠮᠲᠠ ᠶᠢ ᠦᠨᠳᠦᠰᠦᠯᠡᠪᠡᠯ᠂ 7 ᠰᠠᠷ᠎ᠠ ᠶᠢᠨ 3 ᠤ ᠡᠳᠦᠷ ᠪᠣᠯ ᠳᠡᠯᠡᠬᠡᠶ ᠶᠢᠨ ᠪᠥᠮᠪᠥᠷᠴᠡᠭ ᠳᠡᠭᠡᠷ᠎ᠡ ᠲᠡᠮᠳᠡᠭᠯᠡᠯ ᠲᠠᠢ ᠪᠣᠯᠤᠭᠰᠠᠨ ᠠᠴᠠ ᠨᠠᠰᠢᠬᠢ ᠬᠠᠮᠤᠭ ᠤᠨ ᠬᠠᠯᠠᠭᠤᠨ ᠡᠳᠦᠷ ᠪᠣᠯᠤᠨ᠎ᠠ᠃              ᠮᠡᠳᠡᠭᠡᠯᠡᠯ ᠳᠤ᠂ ᠮᠸᠢᠢᠨ ᠶᠡᠭᠡ ᠰᠤᠷᠭᠠᠭᠤᠯᠢ ᠶᠢᠨ ᠵᠠᠳᠠᠯᠤᠭᠰᠠᠨ ᠲᠤᠭ᠎ᠠ ᠪᠠᠷᠢᠮᠲᠠ ᠶᠢ ᠦᠨᠳᠦᠰᠦᠯᠡᠪᠡᠯ᠂  ᠳᠡᠯᠡᠬᠡᠶ ᠶᠢᠨ ᠪᠥᠮᠪᠥᠷᠴᠡᠭ ᠤᠨ ᠭᠠᠳᠠᠷᠭᠤ ᠠᠴᠠ 2 ᠮᠧᠲᠷ ᠠᠴᠠ ᠲᠡᠭᠡᠭᠰᠢᠬᠢ ᠪᠥᠬᠦ ᠪᠥᠮᠪᠥᠷᠴᠡᠭ ᠤᠨ ᠳᠤᠮᠳᠠᠴᠢ ᠠᠭᠠᠷ ᠤᠨ ᠳᠤᠯᠠᠭᠠᠨ ᠨᠢ  7 ᠰᠠᠷ᠎ᠠ ᠶᠢᠨ 3 ᠤ ᠡᠳᠦᠷ 62.62 ᠹᠠᠷᠧᠨ᠋ᠾᠧᠲ ᠤᠨ ᠭᠷᠠᠳᠦ᠋ᠰ ᠪᠤᠶᠤ 17.01 ᠼᠧᠯᠰ ᠤᠨ ᠭᠷᠠᠳᠦ᠋ᠰ ᠲᠤ ᠬᠦᠷᠴᠡᠶ ᠭᠡᠪᠡ᠃ ᠺᠠᠯᠢᠹᠤᠷᠨᠢᠶ᠎ᠠ ᠵᠧᠤ ᠶᠢᠨ ᠶᠡᠭᠡ ᠰᠤᠷᠭᠠᠭᠤᠯᠢ ᠶᠢᠨ ᠪᠤᠷᠺᠤᠯᠢ ᠬᠤᠪᠢᠶᠠᠷᠢ ᠰᠤᠷᠭᠠᠭᠤᠯᠢ ᠶᠢᠨ   ᠳᠡᠯᠡᠬᠡᠶ ᠶᠢᠨ ᠪᠥᠮᠪᠥᠷᠴᠡᠭ ᠤᠨ ᠤᠬᠠᠭᠠᠨᠲᠠᠨ ᠷᠤᠪᠤᠷᠲ ᠷᠤᠳᠧ ᠬᠡᠯᠡᠬᠦ ᠳᠡᠭᠡᠨ᠂ ᠲᠦᠢᠯ ᠤᠨ ᠥᠨᠳᠥᠷ ᠬᠠᠯᠠᠭᠤᠨ ᠪᠣᠯ ᠠᠭᠤᠷ ᠠᠮᠢᠰᠬᠤᠯ ᠤᠨ ᠬᠤᠪᠢᠷᠠᠯᠲᠠ ᠪᠠ  ᠤᠯᠨᠢᠨᠤ᠋ ᠶᠢᠨ ᠠᠭᠤᠷ ᠠᠮᠢᠰᠬᠤᠯ ᠤᠨ ᠵᠠᠭᠪᠤᠷ ᠤᠨ ᠦᠷ᠎ᠡ ᠳ᠋ᠦᠩ ᠮᠥᠨ᠂  ᠤᠯᠨᠢᠨᠤ᠋ ᠶᠢᠨ ᠠᠭᠤᠷ ᠠᠮᠢᠰᠬᠤᠯ ᠤᠨ ᠵᠠᠭᠪᠤᠷ ᠨᠢ ᠠᠮᠧᠷᠢᠺᠠ ᠶᠢᠨ ᠤᠮᠠᠷᠠᠲᠤ ᠬᠡᠰᠡᠭ ᠪᠠ ᠺᠠᠨᠠᠳᠠ ᠶᠢᠨ ᠬᠡᠰᠡᠭ ᠭᠠᠵᠠᠷ ᠣᠷᠣᠨ ᠢ ᠡᠩ ᠤᠨ ᠬᠢ ᠠᠴᠠ ᠨᠠᠩ ᠳᠤᠯᠠᠭᠠᠨ ᠪᠥᠭᠡᠳ ᠭᠠᠩ ᠬᠠᠭᠤᠷᠠᠶ ᠪᠣᠯᠭᠠᠵᠤ ᠮᠡᠳᠡᠨ᠎ᠡ ᠭᠡᠵᠡᠶ᠃              ᠷᠤᠳᠧ᠄ ᠢᠷᠡᠬᠦ ᠰᠠᠷ᠎ᠠ ᠬᠠᠭᠠᠰ ᠤᠨ ᠳᠣᠲᠣᠷ᠎ᠠ ᠨᠡᠩ ᠠᠭᠠᠭᠢᠮ᠎ᠠ ᠬᠠᠯᠠᠭᠤᠨ ᠠᠭᠤᠷ ᠠᠮᠢᠰᠬᠤᠯ ᠭᠠᠷᠴᠤ ᠮᠡᠳᠡᠨ᠎ᠡ ᠭᠡᠵᠦ ᠰᠡᠷᠡᠮᠵᠢᠯᠡᠭᠦᠯᠵᠡᠶ᠃ᠢᠷᠡᠯᠳᠡ᠄ ᠠᠷᠠᠳ ᠤᠨ ᠰᠦᠯᠵᠢᠶ᠎ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1