2023 ᠣᠨ  ᠤ ᠲᠡᠯᠡᠭᠡᠢ ᠶᠢᠨ ᠣᠭᠰᠠᠭᠠᠳᠠᠨ ᠵᠦᠢ ᠶᠢᠨ ᠨᠡᠶᠢᠬᠡᠮᠯᠢᠭ ᠤᠨ ᠬᠤᠷᠠᠯ ᠵᠢᠴᠢ ︽ᠣᠳᠣᠬᠢᠴᠢᠯᠠᠯᠳᠠ ᠶᠢᠨ ᠶᠠᠪᠣᠴᠡ ᠳᠠᠬᠢ ᠲᠡᠯᠡᠬᠡᠢ ᠶᠢᠨ ᠦᠨᠳᠦᠰᠦᠳᠡᠨ ᠤ ᠠᠰᠠᠭᠤᠳᠠᠯ᠄ ᠲᠡᠦᠬᠡ᠂ ᠣᠳᠣ ᠪᠣᠯᠣᠨ ᠢᠷᠡᠬᠡᠳᠦᠢ︾ ᠡᠷᠳᠡᠮ ᠰᠢᠨᠵᠢᠯᠡᠬᠡᠨ ᠶᠢᠨ ᠬᠤᠷᠠᠯ ᠣᠷᠳᠣᠰ ᠲᠤ ᠬᠤᠷᠠᠯᠳᠣᠪᠠ
ᠨᠡᠶᠢᠲᠡᠯᠡᠭᠰᠡᠨ ᠴᠠᠭ᠄
2023/6/20
      6 ᠳ᠋ᠣᠭᠠᠷ ᠰᠠᠷ᠎ᠠ ᠶᠢᠨ 17  ᠤ ᠡᠳᠦᠷ᠂ 2023 ᠣᠨ ᠤ ᠲᠡᠯᠡᠭᠡᠢ ᠶᠢᠨ ᠣᠭᠰᠠᠭᠠᠳᠠᠨ ᠵᠦᠢ ᠶᠢᠨ ᠨᠡᠶᠢᠬᠡᠮᠯᠢᠭ ᠤᠨ ᠬᠤᠷᠠᠯ ᠵᠢᠴᠢ ︽ᠣᠳᠣᠬᠢᠴᠢᠯᠠᠯᠳᠠ ᠶᠢᠨ ᠶᠠᠪᠣᠴᠡ ᠳᠠᠬᠢ ᠲᠡᠯᠡᠬᠡᠢ ᠶᠢᠨ ᠦᠨᠳᠦᠰᠦᠳᠡᠨ ᠤ ᠠᠰᠠᠭᠤᠳᠠᠯ᠄ ᠲᠡᠦᠬᠡ᠂ ᠣᠳᠣ ᠪᠣᠯᠣᠨ ᠢᠷᠡᠬᠡᠳᠦᠢ︾ ᠡᠷᠳᠡᠮ ᠰᠢᠨᠵᠢᠯᠡᠬᠡᠨ ᠶᠢᠨ ᠬᠤᠷᠠᠯ ᠣᠷᠳᠣᠰ ᠬᠤᠳᠠ ᠶᠢᠨ ᠲᠣᠮᠳᠠᠳᠣ ᠶᠢᠨ ᠦᠨᠳᠦᠰᠦᠳᠡᠨ  ᠤ ᠬᠠᠮᠳᠣ  ᠶᠢᠨ ᠴᠣᠭᠴᠡ  ᠶᠢᠨ ᠣᠬᠠᠮᠰᠠᠷ ᠢ ᠪᠠᠬᠢᠵᠢᠬᠦᠯᠬᠦ ᠦᠢᠯᠡᠳᠦᠯᠬᠡ ᠰᠣᠳᠣᠯᠭᠠᠨ ᠤ ᠲᠦᠪ ᠲᠤ ᠬᠤᠷᠠᠯᠳᠣᠪᠠ᠃ ᠦᠪᠦᠷ ᠮᠣᠩᠭᠤᠯ ᠤᠨ ᠪᠠᠭᠰᠢ  ᠶᠢᠨ ᠶᠡᠭᠡ ᠰᠣᠷᠭᠠᠭᠤᠯᠢ ᠶᠢᠨ ᠨᠠᠮ ᠤᠨ ᠬᠤᠷᠢᠶ᠎ᠠ ᠶᠢᠨ ᠱᠦᠵᠢ ᠯᠢ ᠱᠦ ᠯᠢᠨ᠂ ᠲᠣᠮᠳᠠᠳᠣ ᠣᠯᠣᠰ ᠤᠨ ᠨᠡᠶᠢᠬᠡᠮ ᠤᠨ ᠰᠢᠨᠵᠢᠯᠡᠬᠦ ᠣᠬᠠᠭᠠᠨ ᠤ  ᠬᠦᠷᠢᠶᠡᠯᠡᠩ ᠤᠨ ᠦᠨᠳᠦᠰᠦᠳᠡᠨ ᠤ ᠰᠣᠳᠣᠯᠣᠯ ᠬᠢᠬᠡᠳ ᠬᠦᠮᠦᠨ ᠲᠦᠷᠦᠯᠬᠢᠳᠡᠨ ᠤ ᠰᠣᠳᠣᠯᠣᠯ ᠰᠣᠳᠣᠯᠬᠤ ᠭᠠᠵᠠᠷ  ᠤᠨ ᠨᠠᠮ ᠤᠨ ᠬᠤᠷᠢᠶ᠎ᠠ ᠶᠢᠨ ᠱᠦᠵᠢ᠂ ᠲᠣᠮᠳᠠᠳᠣ ᠣᠯᠣᠰ ᠤᠨ ᠲᠡᠯᠡᠬᠡᠢ ᠶᠢᠨ ᠦᠨᠳᠦᠰᠦᠳᠡᠨ ᠤ ᠨᠡᠶᠢᠬᠡᠮᠯᠢᠭ ᠤᠨ ᠲᠠᠷᠤᠭ᠎ᠠ ᠵᠣᠣ ᠲᠢᠶᠠᠨ ᠰᠢᠶᠣᠣ᠂ ᠦᠪᠦᠷ ᠮᠣᠩᠭᠤᠯ ᠦᠪᠡᠷᠳᠡᠬᠡᠨ ᠵᠠᠰᠠᠬᠤ ᠣᠷᠣᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠤᠨ ᠨᠠᠮ ᠤᠨ ᠣᠳᠣᠷᠢᠳᠬᠤ ᠲᠣᠭᠤᠶᠢᠯᠠᠩ ᠤᠨ  ᠪᠦᠷᠢᠯᠳᠦᠬᠦᠨ ᠲᠡᠳ᠋ ᠡᠷᠬᠢᠯᠡᠭᠴᠢ ᠶᠠᠨ ᠬᠤᠢ ᠯᠦᠩ᠂ ᠣᠷᠳᠣᠰ ᠬᠤᠳᠠ ᠶᠢᠨ ᠠᠷᠠᠳ ᠤᠨ ᠵᠠᠰᠠᠭ  ᠤᠨ ᠣᠷᠳᠣᠨ ᠤ ᠲᠡᠳ᠋ ᠲᠠᠷᠤᠭ᠎ᠠ ᠡᠷᠳᠡᠨᠢᠪᠢᠯᠢᠭ᠂ ᠣᠷᠳᠣᠰ ᠬᠤᠳᠠ ᠶᠢᠨ ᠨᠠᠮ ᠤᠨ ᠬᠤᠷᠢᠶ᠎ᠠ ᠶᠢᠨ ᠨᠢᠬᠡᠳᠦᠮᠡᠯ ᠹᠷᠣᠨᠲ ᠤᠨ ᠬᠡᠯᠳᠡᠰ ᠤᠨ ᠲᠡᠳ᠋ ᠲᠠᠷᠤᠭ᠎ᠠ᠂ ᠬᠤᠳᠠ ᠶᠢᠨ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠤᠨ ᠨᠠᠮ ᠤᠨ ᠲᠣᠭᠤᠶᠢᠯᠠᠩ ᠤᠨ ᠱᠦᠵᠢ᠂ ᠡᠷᠬᠢᠯᠡᠭᠴᠢ ᠲᠡᠬᠦᠰ᠂ ᠦᠪᠦᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠣᠭᠰᠠᠭᠠᠳᠠᠨ ᠵᠦᠢ ᠬᠦᠮᠦᠨ ᠵᠦᠢ ᠶᠢᠨ ᠰᠣᠳᠣᠯᠣᠯ  ᠤᠨ ᠬᠦᠷᠢᠶᠡᠯᠡᠩ ᠤᠨ ᠫᠷᠣᠹᠧᠰᠰᠣᠷ᠂ ᠳ᠋ᠣᠺᠲ᠋ᠣᠷᠠᠨᠲ ᠶᠢᠨ ᠵᠢᠯᠣᠭᠤᠳᠣᠭᠴᠢ ᠪᠠᠭᠰᠢ  ᠨᠠᠷᠠᠨᠪᠢᠯᠢᠭ᠌᠂ ᠲᠣᠮᠳᠠᠳᠣ ᠣᠯᠣᠰ ᠤᠨ ᠨᠡᠶᠢᠬᠡᠮ ᠤᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠦᠨᠳᠦᠰᠦᠳᠡᠨ  ᠤ ᠰᠣᠳᠣᠯᠣᠯ ᠬᠢᠬᠡᠳ ᠬᠦᠮᠦᠨ ᠲᠦᠷᠦᠯᠬᠢᠳᠡᠨ ᠤ ᠰᠣᠳᠣᠯᠣᠯ ᠤᠨ ᠰᠣᠳᠣᠯᠣᠭᠴᠢ᠂ ᠳ᠋ᠣᠺᠲ᠋ᠣᠷᠠᠨᠲ ᠶᠢᠨ ᠵᠢᠯᠣᠭᠤᠳᠣᠭᠴᠢ ᠪᠠᠭᠰᠢ ᠵᠸᠣ  ᠱᠣᠣ ᠴᠢᠩ ᠵᠡᠷᠬᠡ ᠬᠤᠯᠪᠣᠭᠳᠠᠯ ᠪᠦᠬᠦᠢ ᠬᠦᠮᠦᠰ ᠢ ᠪᠠᠭᠳᠠᠭᠠᠭᠰᠠᠨ 80 ᠭᠠᠷᠣᠢ ᠬᠦᠮᠦᠰ ᠬᠤᠷᠠᠯ  ᠳᠤ ᠣᠷᠣᠯᠴᠠᠪᠠ᠃              ᠬᠤᠷᠠᠯ ᠨᠢ ︽ᠲᠣᠮᠳᠠᠳᠣ ᠶᠢᠨ ᠮᠠᠶ᠋ᠢᠭ ᠤᠨ ᠣᠳᠣᠬᠢᠴᠢᠯᠠᠯᠳᠠ ᠶᠢᠨ ᠰᠣᠶᠣᠯ ᠤᠨ  ᠲᠣᠳᠣᠭᠠᠳᠣ ᠬᠦᠳᠡᠯᠬᠡᠬᠦ ᠬᠦᠴᠦᠨ︾᠂ ︽ᠡᠸᠦ᠋ᠷᠣᠫᠠ ᠤᠨ ︿ᠦᠨᠳᠦᠰᠦᠳᠡᠨ ᠣᠯᠣᠰ﹀ ᠢ ᠨᠢᠬᠡ ᠴᠣᠭᠴᠠᠵᠢᠭᠤᠯᠬᠤ ᠲᠣᠬᠠᠢ ᠲᠦᠷᠪᠡᠨ ᠠᠷᠭ᠎ᠠ ᠵᠠᠮ ‍ᠣᠨ‌ᠬᠠᠷᠢᠴᠠᠭᠤᠯᠣᠯ︾᠂ ︽ᠣᠳᠣᠬᠢᠴᠢᠯᠠᠭᠰᠠᠨ ᠬᠡᠪᠴᠢᠶ᠎ᠠ ᠲᠣᠣᠷᠠᠬᠢ ᠡᠸᠦ᠋ᠷᠣᠫᠠ ᠤᠨ ᠦᠨᠳᠦᠰᠦᠳᠡᠨ ᠣᠯᠣᠰ   ᠤᠨ ᠰᠣᠳᠣᠯᠣᠯ︾᠂ ︽ᠦᠺᠡᠷᠡᠶᠢᠨ ᠤ ᠭᠠᠴᠢᠭᠳᠠᠭᠰᠠᠨ ᠠᠷᠠᠳ ᠤᠨ ᠵᠡᠬᠦᠨ‌ᠡᠸᠦ᠋ᠷᠣᠫᠠ ᠤᠨ ᠣᠯᠣᠰ ᠤᠳ  ᠤᠨ ᠨᠡᠶᠢᠬᠡᠮ ᠤᠨ ᠣᠬᠠᠭᠠᠨ ᠤ ᠵᠠᠳᠠᠯᠣᠯᠳᠠ︾᠂ ︽ᠲᠡᠯᠡᠬᠡᠢ ᠶᠢᠨ ᠦᠨᠳᠦᠰᠦᠳᠡᠨ ᠤ ᠰᠣᠳᠣᠯᠭᠠᠨ ᠤ ᠲᠦᠪ ᠶᠣᠰᠣ ᠶᠢ  ᠪᠠᠷᠢᠮᠳᠠᠯᠬᠤ ᠪᠠ ᠰᠢᠨ᠎ᠡ ᠶᠢ ᠡᠬᠦᠳᠬᠦ︾ ᠵᠡᠷᠬᠡ ᠰᠡᠳᠦᠪ ᠤᠨ ᠲᠣᠭᠤᠷᠢᠨ ᠳᠤ ᠬᠦᠨᠵᠡᠬᠡᠢ ᠰᠣᠳᠣᠯᠣᠨ ᠶᠠᠷᠢᠯᠴᠠᠵᠦ᠂  ᠨᠠᠮ ᠤᠨ ᠬᠤᠷᠢᠳᠣᠭᠠᠷ ᠶᠡᠭᠡ ᠬᠤᠷᠠᠯ ᠤᠨ ᠮᠡᠳᠡᠬᠦᠯᠦᠯᠳᠡ ᠳᠤ ᠲᠣᠷᠠᠳᠣᠭᠰᠠᠨ ︽ᠲᠣᠮᠳᠠᠳᠣ ᠣᠯᠣᠰ ᠤᠨ ᠣᠨᠴᠠᠯᠢᠭ ᠲᠠᠢ ᠣᠳᠣᠬᠢᠴᠢᠯᠠᠯᠳᠠ ᠪᠠᠷ ᠲᠣᠮᠳᠠᠳᠣ ᠶᠢᠨ ᠦᠨᠳᠦᠰᠦᠳᠡᠨ ᠤ ᠠᠭᠤᠣ ᠶᠡᠭᠡ ᠰᠡᠷᠬᠦᠨ ᠮᠠᠨᠳᠣᠯᠳᠠ ᠶᠢ ᠠᠬᠢᠭᠤᠯᠬᠤ︾ ᠡᠬᠦᠷᠬᠡ ᠬᠠᠷᠢᠭᠤᠴᠠᠯᠭ᠎ᠠ ᠶᠢ ᠨᠠᠷᠢᠨ ᠨᠢᠮᠪᠠᠢ ᠰᠣᠷᠣᠯᠴᠠᠵᠦ᠂ ᠦᠨᠳᠦᠰᠦᠳᠡᠨ ᠨᠦᠬᠦᠳ ᠤᠨ  ᠶᠠᠪᠣᠯᠴᠠᠭ᠎ᠠ ᠢᠵᠢᠯᠰᠢᠯ ᠢ ᠬᠦᠨᠵᠡᠬᠡᠶᠢᠷᠡᠬᠦᠯᠵᠦ᠂ ᠲᠣᠮᠳᠠᠳᠣ ᠶᠢᠨ ᠦᠨᠳᠦᠰᠦᠳᠡᠨ ᠤ ᠬᠠᠮᠳᠣ ᠶᠢᠨ ᠴᠣᠭᠴᠠ ᠶᠢᠨ ᠣᠬᠠᠮᠰᠠᠷ ᠢ ᠲᠠᠰᠣᠷᠠᠯᠳᠠ ᠦᠬᠡᠢ ᠪᠠᠬᠢᠵᠢᠬᠦᠯᠬᠦ ᠪᠠᠷ ᠭᠤᠣᠯ ᠵᠣᠷᠢᠯᠳᠠ ᠪᠠᠨ ᠪᠣᠯᠭᠠᠵᠡᠢ᠃              ︵ᠡᠬᠡ ᠪᠢᠴᠢᠭ ᠢ ᠣᠷᠳᠣᠰ ᠬᠤᠳᠠ ᠶᠢᠨ ᠲᠣᠮᠳᠠᠳᠣ ᠶᠢᠨ ᠦᠨᠳᠦᠰᠦᠳᠡᠨ ᠤ ᠬᠠᠮᠳᠣ ᠶᠢᠨ ᠴᠣᠭᠴᠡ ᠶᠢᠨ ᠣᠬᠠᠮᠰᠠᠷ ᠢ ᠪᠠᠬᠢᠵᠢᠬᠦᠯᠬᠦ ᠦᠢᠯᠡᠳᠦᠯᠬᠡ ᠰᠣᠳᠣᠯᠭᠠᠨ ᠤ ᠲᠦᠪ ᠠᠴᠠ ᠬᠠᠩᠭᠠᠪᠠ︶ᠢᠷᠡᠯᠳᠡ᠄ ᠠᠷᠠᠳ ᠤᠨ ᠰᠦᠯᠵᠢᠶ᠎ᠡ
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1