6 ᠳ᠋ᠣᠭᠠᠷ ᠰᠠᠷ᠎ᠠ ᠶᠢᠨ 1 ᠤ ᠡᠳᠦᠷ ᠠᠴᠠ ᠡᠬᠢᠯᠡᠨ᠂ ᠣᠷᠤᠭ ᠤᠨ ᠪᠢᠴᠢᠭ ᠢ ︽ᠮᠤᠵᠢ ᠠᠯᠤᠰᠯᠠᠨ | ᠪᠦᠷᠢᠳᠬᠡᠬᠦ︾ ᠲᠤᠷᠰᠢᠯᠲᠠ ᠶᠢ 21 ᠮᠤᠵᠢ ᠣᠷᠣᠨ ᠪᠤᠯᠳᠠᠯ᠎ᠠ ᠦᠷᠬᠡᠳᠬᠡᠬᠦ ᠪᠠᠷ ᠪᠤᠯᠤᠯ᠎ᠠ᠃ ᠡᠭᠦᠨ ᠳᠤ᠄ ᠪᠡᠭᠡᠵᠢᠩ | ᠂ ᠲᠢᠶᠠᠨᠵᠢᠨ᠂ ᠾᠧᠪᠧᠢ᠂ ᠥᠪᠥᠷ ᠮᠣᠩᠭᠤᠯ᠂ ᠯᠢᠶᠣᠤᠨᠢᠩ᠂ ᠱᠠᠩᠬᠠᠢ᠂ ᠵᠢᠶᠠᠩᠰᠤ᠂ ᠵᠧᠵᠢᠶᠠᠩ᠂ ᠠᠨᠾᠦ᠋ᠢ᠂ | ᠹᠦᠵᠢᠶᠠᠨ᠂ ᠵᠢᠶᠠᠩᠰᠢ᠂ ᠱᠠᠨᠳᠦ᠋ᠩ᠂ ᠾᠧᠨᠠᠨ᠂ ᠬᠤᠪᠧᠢ᠂ ᠭᠤᠸᠠᠩᠳᠦ᠋ᠩ᠂ ᠭᠤᠸᠠᠩᠰᠢ᠂ ᠬᠠᠶᠢᠨᠠᠨ᠂ ᠴᠦᠩᠴᠢᠩ | ᠂ ᠰᠧᠴᠤᠸᠠᠨ᠂ ᠱᠠᠨᠰᠢ᠂ ᠨᠢᠩᠰᠢᠶᠠ ᠵᠡᠷᠭᠡ 21ᠮᠤᠵᠢ ︵ᠣᠷᠣᠨ᠂ ᠬᠤᠲᠠ︶ ᠪᠠᠭᠲᠠᠨ᠎ᠠ᠃ | ᠳᠣᠲᠣᠭᠠᠳᠤ ᠶᠢ ᠬᠠᠮᠠᠭᠠᠯᠠᠬᠤ ᠶᠠᠮᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠣᠯᠠᠨ ᠲᠦᠮᠡᠨ ᠳᠤ | ᠦᠢᠯᠡᠴᠢᠯᠡᠵᠦ ᠬᠥᠭᠵᠢᠯᠲᠡ ᠳᠤ ᠦᠢᠯᠡᠴᠢᠯᠡᠬᠦ 10 ᠵᠦᠢᠯ ᠤᠨ ᠲᠥᠬᠦᠮ ᠦᠵᠡᠭᠦᠯᠬᠦ ᠠᠷᠭ᠎ᠠ ᠬᠡᠮᠵᠢᠶ᠎ᠡ ᠶᠢ | ᠨᠡᠶᠢᠲᠡᠯᠡᠵᠦ᠂ ᠮᠦᠨ 6 ᠳ᠋ᠣᠭᠠᠷ ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠬᠦ ᠪᠠᠷ ᠪᠠᠶᠢᠨ᠎ᠠ᠃ ᠡᠨᠡ 10 | ᠰᠢᠨ᠎ᠡ ᠠᠷᠭ᠎ᠠ ᠬᠡᠮᠵᠢᠶᠡᠨ ᠳᠤ᠂ ᠰᠢᠨ᠎ᠡ ᠲᠡᠷᠭᠡᠨ ᠤ ᠫᠠᠶᠢᠰᠠ ᠶᠢ ᠰᠢᠯᠭᠠᠯᠳᠠ ᠠᠴᠠ ᠬᠡᠯᠳᠦᠷᠢᠬᠦᠯᠬᠦ ᠲᠤᠷᠰᠢᠯᠲᠠ ᠶᠢ | ᠥᠷᠭᠡᠳᠬᠡᠬᠦ᠂ ᠭᠠᠷ ᠳᠠᠮᠵᠢᠭᠰᠠᠨ ᠵᠢᠵᠢᠭ ᠮᠠᠰᠢᠨ ᠲᠡᠷᠭᠡ ᠶᠢ ᠰᠢᠯᠵᠢᠭᠦᠯᠦᠨ ᠥᠭᠬᠦ ᠪᠦᠷᠢᠳᠭᠡᠯ ᠢ ︽ᠭᠠᠭᠴᠠ | ᠦᠨᠡᠮᠯᠡᠯ ᠢᠶᠠᠷ ᠭᠦᠢᠴᠡᠳᠬᠡᠬᠦ︾ ᠵᠡᠷᠭᠡ ᠪᠠᠭᠲᠠᠨ᠎ᠠ᠃ ᠡᠭᠦᠨ ᠳᠤ ᠳᠡᠷᠭᠡ ᠤᠨᠤᠭᠠᠨ ᠤ ᠬᠠᠮᠢᠶᠠᠷᠤᠯᠳᠠ ᠶᠢᠨ | ᠠᠵᠢᠯ ᠤᠨ ᠫᠠᠶᠢᠰᠠ ᠦᠨᠡᠮᠯᠡᠯ ᠭᠦᠢᠴᠡᠳᠬᠡᠬᠦ᠂ ᠬᠤᠲᠠ ᠶᠢᠨ ᠵᠠᠮ ᠬᠠᠷᠢᠯᠴᠠᠭᠠᠨ ᠤ ᠡᠮᠬᠢ ᠵᠢᠷᠤᠮ ᠢ ᠬᠠᠮᠠᠭᠠᠯᠠᠬᠤ᠂ | ᠠᠳᠡᠯ ᠬᠡᠷᠡᠭ ᠪᠠ ᠳᠦᠷᠢᠮ ᠵᠥᠷᠢᠴᠡᠭᠰᠡᠨ ᠬᠡᠷᠡᠭ ᠢ ᠰᠢᠢᠳᠪᠦᠷᠢᠯᠡᠬᠦ ᠵᠡᠷᠭᠡ ᠪᠠᠭᠲᠠᠨ᠎ᠠ᠃ | ᠢᠷᠡᠯᠳᠡ᠄ ᠠᠷᠠᠳ ᠤᠨ ᠰᠦᠯᠵᠢᠶ᠎ᠡ | |