ᠮᠠᠯᠴᠢᠨ ᠣᠶᠢᠷᠠᠬᠠᠨ ᠠᠴᠠ ᠴᠠᠭᠠᠨ ᠢᠷᠪᠢᠰ ᠢ ᠰᠡᠭᠦᠳᠡᠷᠯᠡᠯ᠎ᠡ
ᠨᠡᠶᠢᠲᠡᠯᠡᠭᠰᠡᠨ ᠴᠠᠭ᠄
2023/4/8
      ᠣᠶᠢᠷ᠎ᠠ ᠳᠤ᠂ ᠬᠥᠬᠡᠨᠠᠭᠤᠷ ᠮᠤᠵᠢ ᠶᠢᠨ ᠬᠠᠶᠢᠰᠢ ᠶᠢᠨ ᠮᠣᠩᠭᠤᠯ ᠦᠨᠳᠦᠰᠦᠲᠡᠨ ᠲᠥᠪᠡᠳ ᠦᠨᠳᠦᠰᠦᠲᠡᠨ ᠤ ᠥᠪᠡᠷᠲᠡᠭᠡᠨ ᠵᠠᠰᠠᠬᠤ ᠵᠸᠦ ᠶᠢᠨ ᠳᠤᠯᠠᠭᠠᠨ ᠰᠢᠶᠠᠨ ᠤ ᠪᠠᠷᠠᠭᠤᠨ ᠰᠢᠶᠠᠩ ᠤᠨ ᠱᠠᠲᠤ ᠲᠣᠰᠬᠤᠨ  ᠤ ᠮᠠᠯᠴᠢᠨ ᠣᠶᠢᠷ᠎ᠠ ᠵᠠᠢ ᠠᠴᠠ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠠᠮᠢᠲᠠᠨ ︱ ᠴᠠᠭᠠᠨ ᠢᠷᠪᠢᠰ ᠢ ᠵᠢᠷᠣᠭᠯᠠᠨ ᠠᠪᠴᠠᠶ᠃              ᠵᠢᠷᠤᠭ ᠠᠴᠠ ᠦᠵᠡᠪᠡᠯ᠂ ᠡᠨᠡ ᠬᠦ ᠴᠠᠭᠠᠨ ᠢᠷᠪᠢᠰ ᠠᠭᠤᠯᠠ ᠬᠠᠳᠠᠨ ᠤ ᠰᠡᠭᠦᠳᠡᠷ ᠲᠤ ᠡᠯᠢᠭᠡᠲᠡᠨ ᠬᠡᠪᠲᠡᠵᠦ ᠂ ᠵᠠᠷᠢᠮ ᠳᠠᠭᠠᠨ ᠠᠮᠠ ᠪᠠᠨ ᠠᠩᠭᠠᠶᠢᠨ ᠡᠪᠰᠢᠶᠡᠵᠦ᠂ ᠵᠠᠷᠢᠮ ᠳᠠᠭᠠᠨ ᠨᠢᠳᠦ ᠪᠠᠨ ᠠᠨᠢᠯᠭᠠᠨ ᠠᠮᠤᠰᠬᠢᠵᠦ ᠪᠠᠶᠢᠬᠤ ᠶᠢ ᠣᠯᠵᠤ ᠬᠠᠷᠠᠨ᠎ᠠ᠃ ᠣᠶᠢᠯᠠᠭᠠᠭᠰᠠᠨ ᠢᠶᠠᠷ᠂ ᠡᠨᠡ ᠬᠦ ᠴᠠᠭᠠᠨ ᠢᠷᠪᠢᠰ ᠢ ᠳᠤᠯᠠᠭᠠᠨ ᠰᠢᠶᠠᠨ ᠤ ᠪᠠᠷᠠᠭᠤᠨ ᠰᠢᠶᠠᠩ ᠤᠨ ᠱᠠᠲᠤ ᠲᠣᠰᠬᠤᠨ ᠤ ᠮᠠᠯᠴᠢᠨ ᠵᠢᠯᠣᠭᠤᠴᠢ ᠥᠬᠡᠶ ᠨᠢᠰᠬᠡᠯ ᠢᠶᠠᠷ ᠬᠤᠨᠢᠨ ᠰᠦᠷᠦᠭ ᠢᠶᠠᠨ ᠬᠠᠷᠠᠬᠤ ᠶᠠᠪᠤᠴᠠ ᠳᠤ ᠰᠠᠨᠠᠮᠰᠠᠷ ᠥᠬᠡᠶ ᠪᠠᠷ ᠣᠯᠵᠤ ᠦᠵᠡᠭᠡᠳ ᠵᠢᠷᠤᠭᠯᠠᠭᠰᠠᠨ ᠶᠤᠮ᠂ ᠵᠢᠷᠤᠭᠯᠠᠬᠤ ᠶᠠᠪᠤᠴᠠ ᠳᠤ ᠴᠠᠭᠠᠨ ᠢᠷᠪᠢᠰ ᠢ ᠰᠣᠴᠢᠭᠠᠭᠰᠠᠨ ᠦᠭᠡᠢ᠃ ᠣᠶᠢᠯᠠᠭᠠᠭᠰᠠᠨ ᠢᠶᠠᠷ᠂ ᠡᠨᠡ ᠪᠣᠯ ᠲᠣᠰ ᠭᠠᠵᠠᠷ  ᠣᠷᠣᠨ ᠳᠤ ᠠᠩᠬ᠎ᠠ ᠤᠳᠠᠭ᠎ᠠ ᠴᠠᠭᠠᠨ ᠢᠷᠪᠢᠰ ᠢ ᠣᠶᠢᠷ᠎ᠠ ᠵᠠᠢ ᠠᠴᠠ ᠲᠣᠳᠣᠷᠬᠠᠶ ᠵᠢᠷᠤᠭᠯᠠᠭᠰᠠᠨ ᠵᠢᠷᠤᠭ ᠳᠦᠷᠰᠦ ᠪᠣᠯᠬᠤ ᠶᠣᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1