ᠲᠣᠭᠲᠠᠬᠤ ᠰᠢᠶᠠᠨ᠄ ᠮᠠ ᠱᠢ ᠶᠣᠣ ᠲᠣᠰᠬᠤᠨ ᠳᠤ 400 ︽ᠬᠠᠷ᠎ᠠ ᠲᠣᠯᠣᠭᠠᠶᠢᠲᠤ ᠬᠤᠨᠢ︾ ᠢᠷᠡᠯ᠎ᠡ
ᠨᠡᠶᠢᠲᠡᠯᠡᠭᠰᠡᠨ ᠴᠠᠭ᠄
2023/4/23
      ᠣᠶᠢᠷ᠎ᠠ ᠳᠤ᠂ ᠱᠠᠨᠳᠦ᠋ᠩ ᠤᠨ ᠵᠢᠨᠢᠩ ᠤᠨ ᠯᠢᠶᠠᠩ ᠱᠠᠨ ᠠᠴᠠ ᠮᠣᠷᠳᠠᠵᠤ᠂ 14 ᠴᠠᠭ ᠤᠨ ᠬᠤᠯᠠ ᠵᠠᠮ ᠤᠨ ᠠᠶᠠᠯᠠᠯ ᠢᠶᠠᠷ ᠳᠡᠮᠵᠢᠨ᠂ 400 ᠲᠤᠯᠤᠭᠠᠢ ᠳ᠋ᠦ᠋ ᠪᠥᠸᠧ ᠬᠤᠨᠢ ᠲᠡᠭᠡᠭᠡᠭᠰᠡᠨ ᠲᠡᠭᠡᠭᠡᠪᠦᠷᠢ ᠶᠢᠨ ᠲᠡᠷᠭᠡ ᠬᠥᠬᠡᠬᠤᠲᠠ ᠶᠢᠨ ᠲᠣᠭᠲᠠᠬᠤ ᠰᠢᠶᠠᠨ ᠤ ᠰᠢᠨ᠎ᠡ ᠶᠢᠩᠽᠢ ᠪᠠᠯᠭᠠᠰᠤᠨ ᠤ ᠮᠠ ᠱᠢ ᠶᠣᠣ ᠲᠣᠰᠬᠤᠨ ᠤ ᠳ᠋ᠦᠩ ᠶᠢᠩ ᠲᠠᠷᠢᠮᠠᠯ ᠲᠡᠵᠢᠭᠡᠨ ᠦᠷᠡᠵᠢᠭᠦᠯᠬᠦ ᠲᠤᠰᠬᠠᠢ ᠬᠤᠷᠰᠢᠶᠠᠨ ᠤ ᠡᠭᠦᠳᠡᠨ ᠳᠡᠭᠡᠷ᠎ᠡ ᠠᠯᠭᠤᠷᠬᠠᠨ ᠵᠣᠭᠰᠣᠪᠠ᠃      ᠤᠳᠠᠲᠠᠯ᠎ᠠ ᠬᠦᠯᠢᠶᠡᠭᠰᠡᠨ ᠠᠵᠢᠯᠲᠠᠳ ᠳᠣᠭᠳᠣᠯᠤᠭᠰᠠᠨ ᠰᠡᠳᠬᠢᠯᠭᠡ ᠪᠠᠨ ᠠᠯᠢ ᠬᠡᠳᠦᠶᠢᠨ ᠳᠠᠷᠤᠵᠤ ᠶᠠᠳᠠᠨ ᠡᠨᠡ ᠬᠦ ︽ᠬᠠᠷ᠎ᠠ ᠲᠣᠯᠣᠭᠠᠶᠢᠲᠤ ᠬᠤᠨᠢ︾ ᠶᠢ ᠰᠢᠷᠲᠡᠨ᠎ᠡ᠃ ᠲᠡᠷᠭᠡᠨ ᠤ ᠠᠷᠢᠭᠤᠳᠬᠠᠯ᠂ ᠬᠢᠵᠢᠭ ᠤᠨ ᠪᠠᠶᠢᠴᠠᠭᠠᠯᠲᠠ ᠶᠢᠨ ᠭᠡᠷᠡᠴᠢᠯᠡᠯ ᠢ ᠪᠠᠶᠢᠴᠠᠭᠠᠨ ᠦᠵᠡᠬᠦ ᠵᠡᠷᠭᠡ ᠠᠯᠢ ᠣᠯᠠᠨ ᠶᠠᠪᠤᠴᠠ ᠶᠢ ᠥᠩᠭᠡᠷᠡᠭᠡᠭᠰᠡᠨ ᠤ ᠳᠠᠷᠠᠭ᠎ᠠ᠂ ᠬᠠᠯᠬᠠᠪᠴᠢ ᠬᠠᠪᠲᠠᠰᠤᠨ ᠤ ᠨᠡᠭᠡᠭᠡᠭᠳᠡᠬᠦ ᠶᠢ ᠳᠠᠭᠠᠯᠳᠤᠨ᠂ ︽ᠬᠠᠷ᠎ᠠ ᠲᠣᠯᠣᠭᠠᠶᠢᠲᠤ ᠬᠤᠨᠢ︾ ᠲᠡᠳᠡᠨ ᠤ ᠰᠢᠨ᠎ᠡ ᠭᠡᠷ ᠲᠤ ︽ ᠤᠷᠤᠪᠠ︾᠃      ︽ᠤᠰᠤᠨ ᠣᠩᠭᠤᠴᠠ ᠡᠳᠦᠷ ᠪᠦᠷᠢ 2 ᠤᠳᠠᠭ᠎ᠠ ᠤᠤᠭᠤᠬᠤ ᠤᠰᠤ ᠪᠠᠨ ᠰᠣᠯᠢᠵᠤ᠂ 2 ᠠᠴᠠ 3 ᠡᠳᠦᠷ ᠠᠯᠤᠰᠯᠠᠬᠤ ᠪᠦᠷᠢ ᠨᠢᠭᠡ ᠤᠳᠠᠭ᠎ᠠ ᠬᠤᠨᠢᠨ ᠤ ᠰᠠᠷᠠᠪᠴᠢ ᠪᠠᠨ ᠴᠡᠪᠡᠷᠯᠡᠨ᠎ᠡ ᠁︾ ᠭᠡᠵᠦ ᠬᠠᠮᠢᠶᠠᠷᠤᠯᠲᠠ ᠶᠢᠨ ᠠᠵᠢᠯᠲᠠᠨ ᠨᠢᠭᠡ ᠲᠠᠯ᠎ᠠ ᠪᠠᠷ ᠪᠤᠷᠳᠤᠭ᠎ᠠ ᠰᠠᠴᠤᠬᠤ ᠴᠠᠬᠢᠯᠭᠠᠨ ᠲᠡᠷᠭᠡ ᠪᠠᠷ ᠬᠤᠨᠢᠨ ᠳᠤ ᠡᠪᠡᠰᠦ ᠪᠣᠷᠳᠤᠭ᠎ᠠ ᠢᠳᠡᠭᠦᠯᠬᠦ ᠶᠢᠨ ᠳᠠᠭᠠᠤ ᠶᠠᠷᠢᠨ᠎ᠠ᠃      ︽ᠡᠨᠡ ᠤᠳᠠᠭ᠎ᠠ 380 ᠡᠮ᠎ᠡ ᠬᠤᠨᠢ᠂ 20 ᠬᠤᠴᠠ ᠣᠷᠣᠭᠤᠯᠵᠠᠢ᠂ ᠵᠢᠱᠢᠯᠲᠡ ᠪᠠᠷ ᠡᠨᠡ ᠵᠢᠯ ᠮᠢᠩᠭ᠎ᠠ ᠭᠠᠷᠤᠢ ᠬᠤᠷᠠᠭ᠎ᠠ ᠲᠥᠯᠯᠡᠵᠦ᠂ 60 ᠲᠦᠮᠡᠨ ᠲᠥᠭᠦᠷᠢᠭ ᠤᠨ ᠠᠰᠢᠭ ᠣᠷᠣᠯᠭ᠎ᠠ ᠣᠯᠬᠤ ᠪᠣᠯᠣᠨ᠎ᠠ᠃ ᠳᠠᠷᠠᠭᠠᠴᠢ   ᠶᠢᠨ ᠠᠯᠬᠤᠮ ᠳᠤ ᠪᠢᠳᠡ ᠲᠣᠰᠬᠤᠨ ᠤ ᠠᠷᠠᠳ ᠤᠨ ᠲᠡᠵᠢᠭᠡᠭᠰᠡᠨ ᠨᠠᠷᠢᠨ ᠰᠡᠭᠦᠯᠲᠦ ᠬᠤᠨᠢ ᠲᠠᠢ ᠡᠷᠯᠢᠰᠡᠵᠢᠭᠦᠯᠬᠦ ᠪᠠᠷ ᠲᠥᠯᠥᠪᠯᠡᠵᠦ ᠪᠠᠶᠢᠨ᠎ᠠ᠂ ᠬᠥᠮᠥᠰ ᠶᠡᠷᠦ ᠳᠡᠭᠡᠨ ᠡᠨᠡ ᠬᠦ ᠡᠷᠯᠢᠰᠡᠵᠢᠭᠦᠯᠦᠭᠰᠡᠨ ᠬᠤᠨᠢ ᠶᠢ ︿ᠳ᠋ᠦ᠋ ᠬᠠᠨ ᠬᠡᠯᠬᠢᠶ᠎ᠡ﹀ ᠭᠡᠳᠡᠭ᠂ ᠡᠨᠡ ᠨᠢ ᠠᠳᠠᠯᠢ ᠨᠠᠰᠤᠨ ᠤ ᠨᠠᠷᠢᠨ ᠰᠡᠭᠦᠯᠲᠦ ᠬᠤᠷᠠᠭ᠎ᠠ ᠠᠴᠠ ᠢᠯᠡᠭᠦᠦ 150   ᠠᠴᠠ 200 ᠲᠥᠭᠦᠷᠢᠭ ᠣᠯᠵᠤ᠂ ᠠᠵᠤ ᠠᠬᠤᠢ   ᠶᠢᠨ ᠦᠷ᠎ᠡ ᠠᠰᠢᠭ ᠨᠢ ᠨᠡᠯᠢᠶᠡᠳ ᠰᠠᠶᠢᠨ ᠪᠠᠶᠢᠳᠠᠭ︾᠃ ᠬᠤᠷᠰᠢᠶᠠᠨ ᠤ ᠬᠠᠷᠢᠭᠤᠴᠠᠯᠭᠠᠲᠠᠨ ᠤ ᠲᠠᠨᠢᠯᠴᠠᠭᠤᠯᠤᠭᠰᠠᠨ ᠢᠶᠠᠷ᠂ ᠳ᠋ᠦ᠋ ᠪᠥᠸᠧ ᠬᠤᠨᠢᠨ ᠤ ᠤᠤᠯ ᠭᠠᠷᠤᠯᠲᠠ ᠶᠢᠨ ᠭᠠᠵᠠᠷ ᠨᠢ ᠡᠮᠦᠨᠡᠲᠦ ᠠᠹᠷᠢᠺᠠ ᠳᠤ ᠪᠠᠶᠢᠵᠤ᠂ ᠲᠤᠬᠠᠢ ᠶᠢᠨ ᠭᠠᠵᠠᠷ ᠤᠨ ᠫᠧᠷᠰ ᠤᠨ ᠬᠠᠷ᠎ᠠ ᠲᠦᠷᠦᠭᠦᠲᠦ ᠡᠮ᠎ᠡ ᠬᠤᠨᠢ ᠪᠠ ᠠᠩᠭ᠍ᠯᠢ ᠶᠢᠨ ᠵᠢᠶᠣᠣ ᠲᠤᠸ ᠰᠠᠶᠢᠲ ᠬᠤᠴᠠ ᠶᠢ ᠡᠷᠯᠢᠰᠡᠵᠢᠭᠦᠯᠦᠨ ᠰᠠᠶᠢᠵᠢᠷᠠᠭᠤᠯᠤᠭᠰᠠᠨ ᠰᠢᠨ᠎ᠡ ᠡᠭᠦᠯᠳᠡᠷ ᠪᠠᠶᠢᠵᠤ᠂ ᠵᠣᠬᠢᠴᠠᠬᠤ ᠴᠢᠨᠠᠷ ᠢᠶᠠᠷ ᠴᠢᠩᠭ᠎ᠠ᠂ ᠡᠷᠲᠡ ᠦᠶ᠎ᠡ ᠶᠢᠨ ᠥᠰᠦᠯᠲᠡ ᠪᠣᠶᠢᠵᠢᠯᠲᠠ ᠨᠢ ᠲᠦᠷᠭᠡᠨ᠂ ᠮᠢᠬᠠᠨ ᠤ ᠭᠠᠷᠤᠯᠲᠠ ᠨᠢ ᠥᠨᠳᠥᠷ ᠵᠡᠷᠭᠡ ᠳᠠᠪᠠᠭᠤᠯᠢᠭ ᠲᠠᠯ᠎ᠠ ᠲᠠᠢ ᠪᠠᠶᠢᠳᠠᠭ᠃ ᠲᠡᠭᠦᠨ ᠤ ᠦᠷᠡᠵᠢᠯ ᠨᠢ ᠤᠯᠠᠷᠢᠯ ᠤᠨ ᠬᠢᠵᠠᠭᠠᠷᠯᠠᠯ ᠢ ᠬᠦᠯᠢᠶᠡᠬᠦ ᠦᠭᠡᠢ᠂ ᠡᠮ᠎ᠡ ᠬᠤᠨᠢᠨ ᠤ ᠵᠢᠯ ᠤᠨ ᠲᠥᠯᠯᠡᠬᠦ ᠨᠣᠷᠮ᠎ᠠ ᠨᠢ 150% ᠠᠴᠠ ᠳᠡᠭᠡᠭᠰᠢ ᠪᠠᠶᠢᠳᠠᠭ᠂ ᠬᠠᠮᠤᠭ ᠤᠨ ᠶᠡᠭᠡ ᠳᠠᠪᠠᠭᠤᠯᠢᠭ ᠲᠠᠯ᠎ᠠ ᠭᠡᠪᠡᠯ ᠡᠬᠢᠨ ᠤ ᠬᠤᠭᠤᠴᠠᠭᠠᠨ ᠤ ᠥᠰᠦᠯᠲᠡ ᠪᠣᠶᠢᠵᠢᠯᠲᠠ ᠨᠢ ᠲᠦᠷᠭᠡᠨ ᠪᠠᠶᠢᠵᠤ᠂ 4 ᠰᠠᠷ᠎ᠠ ᠣᠷᠴᠢᠮ ᠤᠨ ᠬᠤᠷᠠᠭ᠎ᠠ ᠶᠢᠨ ᠪᠡᠶ᠎ᠡ ᠶᠢᠨ ᠬᠦᠨᠳᠦ ᠨᠢ ᠨᠢᠭᠡᠨᠲᠡ 72 ᠵᠢᠩ ᠣᠷᠴᠢᠮ ᠭᠦᠷᠦᠭᠰᠡᠨ ᠪᠠᠶᠢᠳᠠᠭ᠃ ᠳ᠋ᠦ᠋ ᠪᠥᠸᠧ ᠬᠤᠨᠢᠨ ᠤ ᠨᠠᠰᠤᠨ ᠳᠤ ᠬᠦᠷᠦᠭᠰᠡᠨ ᠡᠷ᠎ᠡ ᠡᠮ᠎ᠡ ᠬᠤᠨᠢᠨ ᠤ ᠪᠡᠶ᠎ᠡ ᠶᠢᠨ ᠬᠦᠨᠳᠦ ᠨᠢ ᠨᠡᠩ ᠴᠤ ᠲᠤᠰ ᠲᠤᠰ 200 ~ 240 ᠵᠢᠩ᠂ 150 ~ 180 ᠵᠢᠩ ᠳᠤ ᠬᠦᠷᠴᠦ᠂ ᠠᠯᠠᠰᠢᠨ ᠬᠤᠨᠢᠨ ᠤ ᠳᠣᠲᠣᠷᠠᠬᠢ ︽ᠠᠪᠤᠷᠭᠤ ᠪᠠᠶᠠᠨ︾ ᠬᠡᠮᠡᠭᠳᠡᠳᠡᠭ ᠪᠠᠶᠢᠨ᠎ᠠ᠃      ᠣᠶᠢᠷ᠎ᠠ ᠶᠢᠨ ᠵᠢᠯ ᠠᠴᠠ᠂ ᠲᠣᠭᠲᠠᠬᠤ ᠰᠢᠶᠠᠨ ᠤ ᠰᠢᠨ᠎ᠡ ᠶᠢᠩᠽᠢ ᠪᠠᠯᠭᠠᠰᠤ ᠶᠢᠨ ᠬᠢᠨ ᠲᠣᠰᠬᠤᠨ ᠤ ᠲᠡᠰ ᠤᠨ ᠬᠠᠮᠲᠤ ᠶᠢᠨ ᠠᠵᠤ ᠠᠬᠤᠢ ᠶᠢ ᠬᠥᠭᠵᠢᠭᠦᠯᠦᠨ ᠪᠤᠵᠠᠭᠠᠶᠢᠷᠠᠭᠤᠯᠬᠤ ᠶᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠬᠤ ᠴᠢᠬᠤᠯᠠ ᠭᠠᠷᠳᠠᠴᠠ ᠪᠣᠯᠭᠠᠵᠤ᠂ ᠨᠠᠮ ᠤᠨ ᠪᠠᠶᠢᠭᠤᠯᠤᠯᠲᠠ ᠪᠠᠷ ᠬᠥᠲᠥᠯᠥᠨ ᠳᠠᠭᠠᠭᠤᠯᠬᠤ ᠶᠢ ᠴᠢᠩᠭᠠᠳᠬᠠᠬᠤ᠂ ᠬᠥᠭᠵᠢᠯᠲᠡ ᠶᠢᠨ ᠬᠠᠮᠲᠤ ᠶᠢᠨ ᠲᠠᠨᠢᠯᠲᠠ ᠶᠢ ᠨᠢᠭᠲᠠᠷᠠᠭᠤᠯᠬᠤ᠂ ᠪᠣᠳᠠᠲᠠᠢ ᠪᠠᠶᠢᠳᠠᠯ ᠳᠤ ᠰᠠᠭᠤᠷᠢᠯᠠᠵᠤ᠂ ᠲᠣᠰᠬᠤᠨ ᠤ ᠲᠡᠰ ᠤᠨ ᠬᠠᠮᠲᠤ ᠶᠢᠨ ᠠᠵᠤ ᠠᠬᠤᠢ ᠶᠢ ᠬᠥᠭᠵᠢᠭᠦᠯᠦᠨ ᠪᠤᠵᠠᠭᠠᠶᠢᠷᠠᠭᠤᠯᠬᠤ ᠰᠢᠨ᠎ᠡ ᠠᠷᠭ᠎ᠠ ᠵᠠᠮ ᠢ ᠢᠳᠡᠪᠬᠢᠲᠡᠢ ᠰᠦᠪᠡᠭᠴᠢᠯᠡᠵᠦ᠂ ᠡᠯ᠎ᠡ ᠲᠣᠰᠬᠤᠨ ᠤ ᠬᠠᠮᠲᠤ ᠶᠢᠨ ᠠᠵᠤ ᠠᠬᠤᠢ ᠶᠢᠨ ︽ᠴᠢᠰᠤ ᠪᠦᠲᠦᠭᠡᠬᠦ︾ ᠴᠢᠳᠠᠪᠬᠢ ᠶᠢ ᠦᠷᠭᠦᠯᠵᠢᠯᠡᠨ ᠳᠡᠭᠡᠭᠰᠢᠯᠡᠭᠦᠯᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠴᠦᠨ ᠨᠡᠮᠡᠷᠢᠯᠡᠵᠡᠢ᠃
 
ᠢᠷᠡᠯᠲᠡ᠄ ᠲᠤᠭᠳᠠᠬᠤ ᠰᠢᠶᠠᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1