ᠲᠣᠭᠲᠠᠬᠤ ᠰᠢᠶᠠᠨ᠄ ︽ᠬᠤᠶᠠᠷ ᠥᠮᠡᠨ︾ ᠢ ᠰᠢᠭᠰᠢᠨ ᠪᠠᠶᠢᠴᠠᠭᠠᠬᠤ ᠠᠵᠢᠯ ᠥᠷᠨᠢᠭᠦᠯᠵᠦ᠂ ᠡᠮᠡᠭᠲᠡᠶᠢᠴᠦᠳ ᠤᠨ ᠡᠷᠡᠭᠦᠯ ᠮᠡᠨᠳᠦ ᠶᠢ  ᠬᠠᠮᠠᠭᠠᠯᠠᠵᠦ ᠪᠠᠶᠢᠨ᠎ᠠ
ᠨᠡᠶᠢᠲᠡᠯᠡᠭᠰᠡᠨ ᠴᠠᠭ᠄
2023/3/14
      3 ᠳ᠋ᠤᠭᠠᠷ ᠰᠠᠷ᠎ᠠ ᠶᠢᠨ 13 ᠤ ᠡᠳᠦᠷ᠂ ᠰᠢᠶᠠᠨ ᠤ ᠡᠮᠡᠭᠲᠡᠶᠢᠴᠦᠳ ᠤᠨ ᠬᠤᠯᠪᠤᠭ᠎ᠠ ᠪᠣᠯᠤᠨ ᠡᠬᠡ ᠨᠢᠯᠬᠠᠰ ᠤᠨ ᠲᠥᠯᠥᠪᠯᠡᠭᠡᠲᠦ ᠦᠷᠡᠵᠢᠯ ᠤᠨ ᠦᠢᠯᠡᠴᠢᠯᠡᠭᠡᠨ ᠤ ᠲᠥᠪ ᠪᠥᠬᠦ ᠰᠢᠶᠠᠨ ᠤ ᠵᠣᠬᠢᠬᠤ ᠨᠠᠰᠤᠨ ᠤ ᠡᠮᠡᠭᠲᠡᠶᠢᠴᠦᠳ ᠲᠤ ᠰᠦᠢᠳᠬᠡᠯ ᠬᠤᠷᠢᠶᠠᠬᠤ ᠥᠬᠡᠶ ᠪᠠᠷ ︽ᠬᠤᠶᠠᠷ ᠥᠮᠡᠨ︾ ᠢ ᠰᠢᠭᠰᠢᠨ ᠪᠠᠶᠢᠴᠠᠭᠠᠬᠤ ᠠᠵᠢᠯᠯᠠᠭ᠎ᠠ ᠥᠷᠨᠢᠭᠦᠯᠪᠡ᠃      ᠠᠵᠢᠯᠯᠠᠭ᠎ᠠ ᠶᠢᠨ ᠳᠤᠮᠳᠠ᠂ ᠠᠵᠢᠯᠲᠠᠳ ᠡᠮᠡᠭᠲᠡᠶᠢᠴᠦᠳ ᠲᠤ ᠬᠤᠶᠠᠷ ᠥᠮᠡᠨ ᠢ ᠰᠢᠭᠰᠢᠨ ᠪᠠᠶᠢᠴᠠᠭᠠᠬᠤ ᠶᠢ ᠲᠦᠭᠡᠮᠡᠯᠵᠢᠭᠦᠯᠵᠦ᠂ ᠵᠣᠬᠢᠬᠤ ᠨᠠᠰᠤᠨ ᠤ ᠡᠮᠡᠭᠲᠡᠶᠢᠴᠦᠳ ᠤᠨ ᠬᠤᠶᠠᠷ ᠥᠮᠡᠨ ᠢ ᠰᠢᠭᠰᠢᠨ ᠪᠠᠶᠢᠴᠠᠭᠠᠬᠤ ᠶᠢᠨ ᠴᠢᠬᠤᠯᠠ ᠴᠢᠨᠠᠷ᠂ ᠰᠦᠢᠳᠬᠡᠯ ᠬᠤᠷᠢᠶᠠᠬᠤ ᠦᠭᠡᠢ ᠪᠠᠷ ᠰᠢᠭᠰᠢᠨ ᠪᠠᠶᠢᠴᠠᠭᠠᠬᠤ ᠶᠢᠨ ᠴᠠᠭ ᠵᠢᠴᠢ ᠠᠩᠬᠠᠷᠬᠤ ᠵᠦᠢᠯᠡᠰ ᠢ ᠮᠡᠳᠡᠭᠳᠡᠪᠡ᠃ ᠥᠷᠭᠡᠨ ᠳᠡᠯᠭᠡᠷ ᠤᠬᠠᠭᠤᠯᠭ᠎ᠠ ᠪᠠ ᠳᠠᠶᠢᠴᠢᠯᠠᠯᠲᠠ ᠪᠠᠷ ᠳᠠᠮᠵᠢᠭᠤᠯᠤᠨ᠂ ︽ᠬᠤᠶᠠᠷ ᠥᠮᠡᠨ︾ ᠤ ᠰᠦᠶ᠋ᠳᠬᠡᠯ ᠬᠤᠷᠢᠶᠠᠬᠤ ᠦᠭᠡᠶ ᠪᠠᠷ ᠮᠠᠨ ᠤ ᠰᠢᠶᠠᠨ ᠤ ᠥᠷᠭᠡᠨ ᠣᠯᠠᠨ ᠡᠮᠡᠭᠲᠡᠶᠢᠴᠦᠳ ᠤᠨ ᠢᠳᠡᠪᠬᠢᠲᠡᠶ ᠣᠷᠣᠯᠴᠠᠭ᠎ᠠ ᠪᠠ ᠨᠢᠭᠡᠳᠦᠯᠲᠡᠶ ᠰᠠᠶᠢᠨ ᠦᠨᠡᠯᠡᠯᠲᠡ ᠶᠢ ᠣᠯᠤᠭᠰᠠᠨ ᠪᠠᠶᠢᠨ᠎ᠠ᠃      ︽ᠰᠢᠶᠠᠨ ᠤ ᠡᠮᠡᠭᠲᠡᠶᠢᠴᠦᠳ ᠤᠨ ᠬᠤᠯᠪᠤᠭ᠎ᠠ ᠪᠣᠯᠤᠨ ᠡᠬᠡ ᠨᠢᠯᠬᠠᠰ ᠤᠨ ᠲᠥᠯᠥᠪᠯᠡᠭᠡᠲᠦ ᠦᠷᠡᠵᠢᠯ ᠤᠨ ᠦᠢᠯᠡᠴᠢᠯᠡᠭᠡᠨ ᠤ ᠲᠥᠪ ᠬᠠᠮᠲᠤᠷᠠᠨ ︽ᠬᠦᠬᠦᠨ ᠪᠤᠯᠴᠢᠷᠬᠠᠢ ᠶᠢᠨ ᠥᠮᠡᠨ ᠵᠢᠴᠢ ᠰᠠᠪᠠᠨ ᠬᠦᠵᠦᠬᠦᠨ ᠤ ᠦᠮᠡᠨ︾ ᠢ ᠰᠢᠭᠰᠢᠨ ᠪᠠᠶᠢᠴᠠᠭᠠᠵᠤ ᠠᠷᠠᠳ ᠲᠤ ᠠᠰᠢᠭ ᠬᠦᠷᠲᠡᠭᠡᠬᠦ ᠦᠢᠯᠡᠴᠢᠯᠡᠭᠡᠨ ᠤ ᠠᠵᠢᠯᠯᠠᠭ᠎ᠠ ᠶᠢ ᠥᠷᠨᠢᠭᠦᠯᠬᠦ ᠶᠢᠨ ᠬᠠᠮᠲᠤ ᠡᠮᠡᠭᠲᠡᠶ ᠣᠯᠠᠨ ᠲᠦᠮᠡᠨ ᠳᠤ ︽ᠬᠤᠶᠠᠷ ᠥᠮᠡᠨ︾ ᠢ ᠰᠡᠷᠭᠡᠶᠢᠯᠡᠬᠦ ᠮᠡᠳᠡᠯᠭᠡ ᠶᠢ ᠤᠬᠠᠭᠤᠯᠤᠨ ᠲᠦᠭᠡᠮᠡᠯᠵᠢᠭᠦᠯᠵᠦ᠂ ᠡᠷᠲᠡ ᠣᠨᠣᠰᠢᠯᠠᠬᠤ᠂ ᠡᠷᠲᠡ ᠢᠯᠡᠷᠡᠭᠦᠯᠬᠦ᠂ ᠡᠷᠲᠡ ᠰᠡᠷᠭᠡᠶᠢᠯᠡᠬᠦ᠂ ᠡᠷᠲᠡ ᠡᠮᠨᠡᠨ ᠵᠠᠰᠠᠬᠤ ᠶᠢ ᠪᠡᠶᠡᠯᠡᠭᠦᠯᠬᠦ ᠶᠢ ᠬᠦᠰᠡᠵᠦ ᠪᠠᠶᠢᠨ᠎ᠠ᠃ ᠡᠮᠡᠭᠲᠡᠶᠢᠴᠦᠳ ᠲᠤ ᠥᠪᠡᠷ ᠢ ᠪᠠᠨ ᠡᠷᠡᠭᠦᠯᠵᠢᠭᠦᠯᠬᠦ ᠤᠬᠠᠮᠰᠠᠷ ᠢ ᠳᠡᠭᠡᠭᠰᠢᠯᠡᠭᠦᠯᠵᠦ᠂ ᠡᠷᠡᠭᠦᠯᠵᠢᠯ᠂ ᠪᠣᠯᠪᠠᠰᠤᠨ᠂ ᠰᠢᠨᠵᠢᠯᠡᠬᠦ ᠤᠬᠠᠭᠠᠨᠴᠢ ᠠᠮᠢᠳᠤᠷᠠᠯ ᠤᠨ ᠠᠷᠭ᠎ᠠ ᠮᠠᠶ᠋ᠢᠭ ᠤᠨ ᠬᠦᠮᠦᠵᠢᠯ ᠬᠦᠷᠳᠡᠭᠡᠪᠡ᠃ ᠰᠢᠶᠠᠨ ᠤ ᠡᠮᠡᠭᠲᠡᠶᠢᠴᠦᠳ ᠤᠨ ᠬᠤᠯᠪᠣᠭ᠎ᠠ ᠶᠢᠨ ᠳᠡᠳ᠋ ᠲᠡᠷᠢᠭᠦᠯᠡᠭᠴᠢ ᠭᠤᠤ ᠬᠠᠢ ᠶᠠᠨ ᠬᠡᠯᠡᠪᠡ᠃      ︽ᠮᠠᠨ ᠤ ᠰᠢᠶᠠᠨ 2012 ᠣᠨ ᠠᠴᠠ ᠡᠬᠢᠯᠡᠨ ︽ᠬᠤᠶᠠᠷ ᠥᠮᠡᠨ︾ ᠢ ᠰᠢᠭᠰᠢᠨ ᠪᠠᠶᠢᠴᠠᠭᠠᠬᠤ ᠲᠥᠷᠥᠯ ᠵᠦᠢᠯ ᠤᠨ ᠠᠵᠢᠯ ᠢ ᠥᠷᠨᠢᠭᠦᠯᠵᠦ᠂ ᠭᠤᠤᠯᠳᠠᠭᠤ 35 - 64 ᠪᠦᠬᠦᠯᠢ ᠨᠠᠰᠤᠨ ᠤ ᠡᠮᠡᠭᠲᠡᠶ ᠨᠥᠬᠦᠳ ᠲᠤ ᠬᠠᠨᠳᠤᠭᠤᠯᠵᠤ᠂ ᠡᠨᠡ ᠪᠣᠯ ᠨᠢᠭᠡᠨ ᠠᠷᠠᠳ ᠤᠨ ᠠᠮᠢᠳᠤᠷᠠᠯ ᠳᠤ ᠠᠰᠢᠭ ᠬᠦᠷᠲᠡᠭᠡᠬᠦ᠂ ᠠᠷᠠᠳ ᠤᠨ ᠰᠡᠳᠬᠢᠯ ᠢ ᠳᠤᠯᠠᠭᠠᠴᠠᠭᠤᠯᠬᠤ ᠠᠷᠭ᠎ᠠ ᠬᠡᠮᠵᠢᠶ᠎ᠡ ᠪᠣᠯᠤᠨ᠎ᠠ᠃ ᠵᠢᠯ ᠪᠦᠷᠢ ᠪᠠᠷᠤᠭ 1 ᠲᠦᠮᠡᠨ ᠵᠢᠱᠢᠶ᠎ᠡ ᠬᠠᠷᠠᠯᠲᠠ ᠶᠢᠨ ᠡᠭᠦᠷᠭᠡ ᠶᠢ ᠪᠡᠶᠡᠯᠡᠭᠦᠯᠵᠦ᠂ ᠰᠠᠪᠠ ᠶᠢᠨ ᠬᠦᠵᠦᠭᠦᠨ ᠤ ᠥᠮᠡᠨ ᠢ ᠡᠷᠲᠡ ᠣᠨᠣᠰᠢᠯᠠᠭᠰᠠᠨ ᠨᠣᠷᠮ᠎ᠠ ᠶᠢ 90% ᠠᠴᠠ ᠳᠡᠭᠡᠭᠰᠢ ᠳᠤ ᠬᠦᠷᠦᠭᠦᠯᠵᠦ᠂ ᠬᠥᠬᠦᠨ ᠪᠤᠯᠴᠢᠷᠬᠠᠶ ᠶᠢᠨ ᠡᠷᠲᠡ ᠣᠨᠣᠰᠢᠯᠠᠭᠰᠠᠨ ᠨᠣᠷᠮ᠎ᠠ ᠶᠢ 60% ᠠᠴᠠ ᠳᠡᠭᠡᠭᠰᠢ ᠳᠤ ᠬᠦᠷᠦᠭᠦᠯᠵᠦ᠂ ᠬᠡᠪ ᠤᠨ ᠪᠤᠰᠤ ᠰᠡᠵᠢᠭᠯᠡᠯᠲᠡᠶ ᠡᠪᠡᠳᠴᠢᠨ ᠤ ᠵᠢᠱᠢᠶ᠎ᠡ ᠶᠢ ᠪᠠᠶᠢᠴᠠᠭᠠᠭᠰᠠᠨ ᠶᠠᠪᠤᠳᠠᠯ ᠤᠳ ᠢ 95% ᠠᠴᠠ ᠳᠡᠭᠡᠭᠰᠢ ᠳᠤ ᠬᠦᠷᠦᠭᠦᠯᠪᠡ ᠭᠡᠵᠦ ᠡᠬᠡ ᠨᠢᠯᠬᠠᠰ ᠤᠨ ᠲᠦᠯᠦᠪᠯᠡᠭᠡᠲᠦ ᠦᠷᠡᠵᠢᠯ ᠤᠨ ᠦᠢᠯᠡᠴᠢᠯᠡᠭᠡᠨ ᠤ ᠲᠦᠪ ᠤᠨ ᠳᠡᠳ᠋ ᠡᠷᠬᠢᠯᠡᠭᠴᠢ ᠶᠦᠨ ᠴᠦᠨ ᠰᠤᠷᠪᠤᠯᠵᠢᠯᠠᠭᠴᠢ ᠳᠤ ᠬᠡᠯᠡᠵᠡᠢ᠃
 
ᠢᠷᠡᠯᠲᠡ᠄ ᠲᠤᠭᠳᠠᠬᠤ ᠰᠢᠶᠠᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1