96110 ᠤᠲᠠᠰᠤ ᠶᠢ ᠵᠠᠪᠠᠯ ᠲᠣᠰᠬᠤ ᠬᠡᠷᠡᠭᠲᠡᠶ︕
ᠨᠡᠶᠢᠲᠡᠯᠡᠭᠰᠡᠨ ᠴᠠᠭ᠄
2023/3/1
      ᠲᠦᠷᠦᠭᠦᠬᠡᠨ ᠭᠤᠸᠠᠩᠳᠦ᠋ᠩ ᠤᠨ ᠹᠦᠸᠧᠱᠠᠨ ᠤ ᠱᠦᠨ ᠳ᠋ᠧ ᠲᠤᠭᠤᠷᠢᠭ ᠤᠨ ᠯᠦᠩ ᠵᠢᠶᠠᠩ  ᠪᠠᠯᠭᠠᠰᠤᠨ  ᠤ ᠵᠠᠩ ᠠᠪᠠᠭ᠋ᠠᠶ ᠨᠠᠶᠢᠵᠠᠯᠠᠬᠤ ᠰᠦᠯᠵᠢᠶᠡᠨ ᠳᠡᠭᠡᠷ᠎ᠡ ᠨᠢᠭᠡᠨ ᠡᠷᠡᠭᠲᠡᠶ ᠲᠠᠢ ᠲᠠᠨᠢᠯᠴᠠᠵᠠᠶ᠃ ᠲᠡᠷᠡ ᠡᠷᠡᠭᠲᠡᠶ  ᠥᠪᠡᠷ ᠢ ᠪᠠᠨ ︽ᠭᠠᠳᠠᠭᠠᠳᠤ ᠤᠯᠤᠰ ᠲᠤ ᠲᠤᠭ᠎ᠠ ᠪᠠᠷᠢᠮᠲᠠ ᠶᠢᠨ ᠵᠠᠳᠠᠯᠤᠭᠴᠢ︾ ᠪᠤᠯᠵᠤ ᠪᠠᠶᠢᠨ᠎ᠠ ᠭᠡᠪᠡ᠂ ᠡᠨᠡ ᠡᠷᠡᠭᠳᠡᠢ ᠵᠠᠩ ᠠᠪᠠᠭ᠋ᠠᠶ ᠶᠢ ᠨᠢᠭᠡᠨ ᠪᠠᠯᠠ ᠣᠷᠣᠭᠤᠯᠤᠯᠲᠠ ᠶᠢᠨ ᠰᠦᠯᠵᠢᠶᠡᠨ ᠳᠤ ᠦᠳᠦᠭᠡᠨ ᠲᠠᠳᠠᠵᠤ ᠣᠷᠣᠭᠤᠯᠤᠭᠠᠳ ᠵᠠᠩ ᠠᠪᠠᠭ᠋ᠠᠶ ᠳᠤ ᠬᠡᠲᠦ ᠤᠳᠠᠭᠠᠨ ᠤ ᠠᠰᠢᠭ ᠣᠷᠣᠯᠭ᠎ᠠ ᠤᠯᠤᠭᠤᠯᠤᠬᠰᠠᠨ ᠳᠤ᠂ ᠵᠠᠩ ᠠᠪᠠᠭ᠋ᠠᠶ ᠡᠭᠦᠨ ᠢ ᠰᠡᠵᠢᠭᠯᠡᠰᠢ ᠥᠬᠡᠶ ᠪᠠᠲᠤ ᠢᠲᠡᠭᠡᠪᠠ᠃            ᠵᠠᠩ ᠠᠪᠠᠭ᠋ᠠᠢ ᠮᠡᠬᠡᠯᠡᠭᠳᠡᠭᠰᠡᠨ ᠪᠣᠯᠤᠯᠴᠠᠭ᠎ᠠ ᠲᠠᠢ ᠪᠠᠶᠢᠬᠤ ᠶᠢ ᠣᠯᠵᠤ ᠮᠡᠳᠡᠭᠰᠡᠨ ᠤ ᠲᠠᠷᠠᠭ᠎ᠠ᠂ ᠮᠡᠭᠡᠯᠡᠯ ᠢ  ᠡᠰᠡᠷᠭᠦᠴᠡᠬᠦ ᠢᠳᠬᠠᠨ ᠬᠤᠷᠢᠬᠯᠠᠬᠤ ᠲᠤᠰᠬᠠᠢ ᠠᠩᠭᠢ ᠶᠢᠨ ᠬᠢᠨ 96110 ᠨᠣᠮᠧᠷ ᠢᠶᠠᠷ ᠵᠠᠩ ᠠᠪᠠᠭ᠋ᠠᠢ ᠳᠤ  ᠤᠯᠠᠨᠳᠠ ᠤᠳᠠᠰᠤᠳᠠᠬᠰᠠᠨ ᠪᠣᠯᠪᠠᠴᠤ ᠤᠳᠠᠭ᠎ᠠ ᠪᠦᠷᠢ ᠴᠥᠮ ᠲᠠᠰᠤᠯᠤᠭᠳᠠᠬᠤ ᠪᠤᠶᠤ ᠨᠡᠪᠲᠡᠷᠡᠭᠰᠡᠨ ᠴᠤ ᠲᠤᠰ  ᠬᠥᠮᠦᠨ ᠭᠠᠳᠠᠨ᠎ᠠ ᠪᠠᠶᠢᠬᠤ ᠪᠠᠷ ᠰᠢᠯᠳᠠᠭ ᠪᠣᠯᠭᠠᠨ ᠤᠳᠠᠰᠤ ᠶᠢ ᠲᠤᠰᠬᠤ ᠦᠭᠡᠢ ᠪᠠᠶᠢᠪᠠ᠃ ᠡᠭᠦᠨ ᠤ ᠳ᠋ᠦᠩ ᠳᠤ᠂ ᠣᠬᠤᠷᠬᠠᠨ ᠬᠠᠭᠠᠰ ᠰᠠᠷ᠎ᠠ ᠶᠢᠨ ᠳᠣᠲᠣᠷ᠎ᠠ᠂ ᠵᠠᠩ ᠠᠪᠠᠭ᠋ᠠᠢ ᠨᠥᠭᠦᠭᠡ ᠡᠲᠡᠭᠡᠳ ᠲᠡᠭᠡᠨ 122ᠲᠦᠮᠡᠨ ᠲᠥᠭᠦᠷᠢᠭ ᠵᠣᠭᠤᠰ ᠰᠢᠯᠵᠢᠭᠦᠯᠦᠨ ᠥᠭᠴᠦ᠂ ᠰᠦᠯᠵᠢᠶᠡᠨ ᠥᠷᠲᠡᠭᠡ ᠠᠴᠠ ᠪᠡᠯᠡᠨ ᠵᠣᠭᠤᠰ ᠭᠠᠷᠭᠠᠨ ᠠᠪᠴᠤ ᠳᠡᠶᠢᠯᠬᠦ ᠥᠬᠡᠶ ᠪᠤᠯᠬᠤ ᠦᠶ᠎ᠡ ᠳᠤ ᠰᠠᠶ᠋ᠢ ᠮᠡᠬᠡᠯᠡᠭᠳᠡᠭᠰᠡᠨ ᠢᠶᠠᠨ ᠤᠯᠵᠤ ᠮᠡᠳᠡᠵᠡᠶ᠃            ᠤᠯᠤᠰ ᠤᠨ ᠮᠡᠬᠡᠯᠡᠯ ᠢ ᠡᠰᠡᠷᠭᠦᠴᠡᠬᠦ ᠲᠥᠪ ᠤᠨ ᠰᠠᠨᠠᠭᠤᠯᠭ᠎ᠠ              96110 ᠤᠲᠠᠰᠤ ᠢᠷᠡᠪᠡᠯ ᠵᠠᠪᠠᠯ ᠲᠣᠰᠬᠤ ᠬᠡᠷᠡᠭᠲᠡᠶ︕ ᠵᠢᠩᠬᠢᠨᠢ ᠴᠠᠭᠳᠠᠭ᠎ᠠ ᠰᠠᠶ᠋ᠢ 96110 ᠶᠢ ᠳᠠᠮᠵᠢᠨ ᠤᠲᠠᠰᠤ ᠢᠷᠡᠨ᠎ᠡ ᠰᠢᠦ︕
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1