ᠠᠮᠤ ᠪᠤᠳᠠᠭᠠᠨ ᠤ ᠠᠮᠤᠷ ᠲᠦᠪᠰᠢᠨ ᠪᠣᠯ ᠠᠷᠠᠳ ᠤᠨ ᠠᠮᠢᠳᠤᠷᠠᠯ ᠤᠨ ᠶᠡᠭᠡ ᠶᠠᠪᠤᠳᠠᠯ ᠮᠥᠨ᠂ ᠠᠮᠤ | ᠪᠤᠳᠠᠭᠠᠨ ᠤ ᠨᠥᠭᠡᠴᠡᠯᠡᠯᠲᠡ ᠪᠣᠯ ᠠᠮᠤ ᠪᠤᠳᠠᠭᠠᠨ ᠤ ᠠᠮᠤᠷ ᠲᠦᠪᠰᠢᠨ ᠤ ︽ᠰᠠᠭᠤᠷᠢ︾ ᠮᠥᠨ᠃ ᠣᠳᠣᠬᠠᠨ ᠳᠤ᠂ | ᠮᠠᠨ ᠤ ᠰᠢᠶᠠᠨ ᠶᠠᠭ ᠠᠮᠤ ᠪᠤᠳᠠᠭ᠎ᠠ ᠬᠥᠮᠥᠷᠭᠡᠯᠡᠨ ᠬᠠᠳᠠᠭᠠᠯᠠᠬᠤ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ | ᠲᠦᠷᠭᠡᠳᠬᠡᠨ ᠠᠬᠢᠭᠤᠯᠵᠤ᠂ ᠬᠥᠮᠥᠷᠭᠡᠯᠡᠨ ᠬᠠᠳᠠᠭᠠᠯᠠᠬᠤ ᠬᠥᠮᠥᠷᠭᠡ ᠶᠢᠨ ᠪᠠᠭᠲᠠᠭᠠᠮᠵᠢ ᠶᠢ ᠥᠷᠭᠡᠳᠬᠡᠵᠦ᠂ ᠠᠮᠤ | ᠪᠤᠳᠠᠭ᠎ᠠ ᠨᠥᠭᠡᠴᠡᠯᠡᠬᠦ ᠰᠢᠨᠵᠢᠯᠡᠬᠦ ᠤᠬᠠᠭᠠᠨ ᠮᠡᠷᠭᠡᠵᠢᠯ ᠤᠨ ᠲᠦᠪᠰᠢᠨ ᠢ ᠳᠡᠭᠡᠭᠰᠢᠯᠡᠭᠦᠯᠵᠦ᠂ ᠤᠯᠤᠰ ᠤᠨ ᠠᠮᠤ | ᠪᠤᠳᠠᠭᠠᠨ ᠤ ᠠᠮᠤᠷ ᠲᠦᠪᠰᠢᠨ ᠪᠣᠯᠣᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ | ᠪᠣᠳᠣᠯᠭ᠎ᠠ ᠶᠢᠨ ᠪᠦᠲᠦᠮᠵᠢᠲᠡᠢ ᠬᠡᠷᠡᠭᠵᠢᠭᠦᠯᠦᠭᠳᠡᠬᠦ ᠶᠢ ᠦᠨᠡᠨᠬᠦ ᠪᠠᠲᠤᠯᠠᠵᠤ ᠪᠠᠶᠢᠨ᠎ᠠ᠃ | 2 ᠳ᠋ᠤᠭᠠᠷ ᠰᠠᠷ᠎ᠠ ᠶᠢᠨ 23 ᠤ ᠡᠳᠦᠷ᠂ ᠰᠤᠷᠪᠤᠯᠵᠢᠯᠠᠭᠴᠢ ᠲᠣᠭᠲᠠᠬᠤ ᠰᠢᠶᠠᠨ ᠤ ᠭᠦ᠋ ᠴᠧᠩ ᠪᠠᠯᠭᠠᠰᠤᠨ ᠳᠤ | ᠪᠠᠶᠢᠭ᠎ᠠ ᠲᠥᠪ ᠤᠨ ᠨᠥᠭᠡᠴᠡ ᠠᠮᠤ ᠬᠥᠬᠡᠬᠤᠲᠠ ᠶᠢᠨ ᠰᠢᠭᠤᠳ ᠬᠠᠷᠢᠶ᠎ᠠ ᠬᠥᠮᠥᠷᠭᠡ ᠶᠢᠨ ᠬᠢᠵᠠᠭᠠᠷᠲᠤ ᠺᠣᠮᠫᠠᠨᠢ ᠶᠢᠨ | ᠲᠣᠭᠲᠠᠬᠤ ᠰᠢᠶᠠᠨ ᠤ 22 ᠲᠦᠮᠡᠨ ᠲᠣᠨ ᠤ ᠠᠮᠤ ᠪᠤᠳᠠᠭ᠎ᠠ ᠨᠥᠭᠡᠴᠡᠯᠡᠬᠦ ᠬᠥᠮᠥᠷᠭᠡ ᠶᠢᠨ ᠪᠦᠲᠦᠭᠡᠨ | ᠪᠠᠶᠢᠭᠤᠯᠤᠯᠲᠠ ᠶᠢᠨ ᠲᠥᠷᠥᠯ ᠵᠦᠢᠯ ᠤᠨ ᠲᠤᠬᠠᠢ ᠶᠢᠨ ᠲᠠᠯᠠᠪᠠᠶ ᠳᠤ ᠬᠥᠷᠪᠡ᠃ ᠲᠤᠬᠠᠢ ᠶᠢᠨ ᠲᠠᠯᠠᠪᠠᠢ ᠳᠤ | ᠰᠤᠪᠤᠷᠭᠠᠨ ᠳᠡᠭᠦᠵᠢᠩ ᠰᠦᠨᠳᠡᠷᠯᠡᠵᠦ᠂ ᠮᠠᠰᠢᠨ ᠬᠦᠩᠭᠢᠨᠡᠬᠦ᠂ ᠭᠠᠩᠨᠠᠬᠤ ᠳᠠᠭᠤᠨ᠂ ᠬᠡᠷᠴᠢᠬᠦ ᠳᠠᠭᠤᠨ᠂ | ᠠᠯᠤᠬ᠎ᠠ ᠶᠢᠨ ᠳᠠᠭᠤ ᠪᠣᠯᠣᠨ ᠪᠧᠲ᠋ᠤᠨ ᠴᠢᠳᠬᠤᠬᠤ ᠳᠠᠭᠤ ᠬᠠᠷᠢᠯᠴᠠᠨ ᠨᠡᠶᠢᠯᠡᠯᠳᠦᠵᠦ᠂ ᠬᠦᠷ ᠬᠥᠭᠵᠢᠶᠡᠨ ᠲᠠᠢ | ᠶᠠᠭᠠᠷᠠᠯᠲᠠᠢ ᠪᠠᠶᠢᠳᠠᠯ ᠢᠶᠠᠷ ᠪᠢᠯᠬᠠᠨ᠎ᠠ᠃ | ︽ᠲᠤᠬᠠᠢ ᠶᠢᠨ ᠲᠠᠯᠠᠪᠤᠷ ᠤᠨ ᠠᠵᠢᠯ ᠢ ᠨᠢᠭᠡᠨᠲᠡ ᠰᠡᠷᠭᠦᠭᠡᠵᠦ᠂ ᠵᠠᠭᠤ ᠭᠠᠷᠤᠢ ᠠᠵᠢᠯᠴᠢᠨ ᠲᠠᠢ ᠪᠣᠯᠵᠤ᠂ | ᠪᠣᠯᠣᠳ ᠰᠢᠷᠪᠦᠰᠦᠨ ᠤ ᠠᠵᠢᠯ᠂ ᠮᠣᠳᠣᠨ ᠤ ᠠᠵᠢᠯ ᠵᠢᠴᠢ ᠭᠤᠯᠭᠤᠭᠤᠷ ᠬᠡᠪ ᠤᠨ ᠡᠭᠡᠯᠵᠢ ᠳᠤᠭᠤᠶᠢᠯᠠᠩ ᠴᠥᠮ | ᠠᠵᠢᠯ ᠳᠠᠭᠠᠨ ᠣᠷᠣᠪᠠ᠂ ᠲᠤᠬᠠᠢ ᠶᠢᠨ ᠲᠠᠯᠠᠪᠤᠷ ᠤᠨ ᠤᠬᠤᠭᠤᠷ ᠮᠠᠰᠢᠨ᠂ ᠠᠴᠢᠬᠤ ᠮᠠᠰᠢᠨ ᠢ ᠨᠢᠭᠡᠨᠲᠡ | ᠪᠦᠬᠦᠨ ᠢᠶᠠᠷ ᠨᠢ ᠲᠠᠯᠠᠪᠠᠢ ᠳᠤ ᠣᠷᠣᠭᠤᠯᠵᠤ ᠠᠵᠢᠯ ᠢᠶᠠᠨ ᠡᠬᠢᠯᠡᠭᠦᠯᠵᠡᠢ᠃︾ ᠭᠡᠵᠦ ᠳᠤᠮᠳᠠᠳᠤ ᠤᠯᠤᠰ ᠤᠨ | ᠪᠦᠲᠦᠭᠡᠨ ᠪᠠᠶᠢᠭᠤᠯᠤᠯᠲᠠ ᠶᠢᠨ ᠭᠤᠷᠪᠠᠳᠤᠭᠠᠷ ᠲᠣᠪᠴᠢᠶ᠎ᠠ ᠶᠢᠨ ᠲᠦᠷᠦᠯ ᠵᠦᠢᠯ ᠤᠨ ᠦᠢᠯᠡᠳᠪᠦᠷᠢᠯᠡᠯ ᠤᠨ | ᠳᠠᠭᠠᠭᠠᠮᠠᠯ ᠯᠢ ᠵᠢᠩ ᠬᠡᠯᠡᠪᠡ᠃ | ᠲᠥᠪ ᠤᠨ ᠨᠥᠭᠡᠴᠡ ᠠᠮᠤ ᠪᠤᠳᠠᠭᠠᠨ ᠤ ᠬᠥᠬᠡᠬᠤᠲᠠ ᠶᠢᠨ ᠰᠢᠭᠤᠳ ᠬᠠᠷᠢᠶ᠎ᠠ ᠬᠥᠮᠥᠷᠭᠡ ᠶᠢᠨ ᠬᠢᠵᠠᠭᠠᠷᠲᠤ | ᠺᠣᠮᠫᠠᠨᠢ ᠶᠢᠨ ᠳᠡᠳ᠋ ᠶᠡᠷᠦᠩᠬᠡᠢ ᠳᠠᠭᠠᠭᠠᠮᠠᠯ ᠭᠤᠸ ᠹᠧᠩ ᠤᠨ ᠲᠠᠨᠢᠯᠴᠠᠭᠤᠯᠤᠭᠰᠠᠨ ᠢᠶᠠᠷ᠂ ᠲᠣᠰ ᠲᠥᠷᠥᠯ ᠵᠦᠢᠯ ᠢ | 2022 ᠣᠨ ᠤ 8 ᠳ᠋ᠤᠭᠠᠷ ᠰᠠᠷ᠎ᠠ ᠶᠢᠨ 27 ᠤ ᠡᠳᠦᠷ ᠠᠴᠠ ᠡᠬᠢᠯᠡᠨ ᠪᠠᠶᠢᠭᠤᠯᠵᠤ᠂ 2023 ᠣᠨ ᠤ 9 | ᠰᠠᠷ᠎ᠠ ᠶᠢᠨ 22 ᠤᠨ ᠡᠳᠦᠷ ᠳᠠᠭᠤᠰᠬᠠᠬᠤ ᠪᠠᠷ ᠲᠥᠯᠥᠪᠯᠡᠵᠦ ᠪᠣᠶ᠃ ᠲᠥᠷᠥᠯ ᠵᠦᠢᠯ ᠤᠨ ᠡᠵᠡᠯᠡᠬᠦ ᠲᠠᠯᠠᠪᠠᠶ ᠨᠢ | 166.34 ᠮᠦ ᠪᠠᠶᠢᠵᠤ᠂ ᠶᠡᠷᠦᠩᠬᠡᠢ ᠬᠥᠮᠥᠷᠭᠡ ᠶᠢᠨ ᠪᠠᠭᠲᠠᠭᠠᠮᠵᠢ ᠨᠢ 20.23 ᠲᠦᠮᠡᠨ ᠲᠣᠨ ᠪᠠᠶᠢᠵᠤ᠂ | ᠶᠡᠷᠦᠩᠬᠡᠢ ᠪᠡᠯᠡ ᠣᠷᠣᠭᠤᠯᠤᠯᠲᠠ ᠨᠢ 3.2 ᠳ᠋ᠦᠩᠰᠢᠭᠤᠷ ᠲᠥᠭᠦᠷᠢᠭ ᠪᠣᠯᠣᠨ᠎ᠠ᠃ ᠡᠭᠦᠨ ᠳᠤ ᠭᠤᠣᠯᠳᠠᠭᠤ | ᠪᠠᠶᠢᠰᠢᠩ ᠭᠡᠷ ᠤᠨ ᠬᠥᠮᠥᠷᠭᠡ 9 ᠰᠠᠭᠤᠷᠢ᠂ ᠭᠦᠶᠦᠬᠡᠨ ᠲᠣᠭᠤᠷᠢᠭ ᠬᠥᠮᠥᠷᠭᠡ 15 ᠰᠠᠭᠤᠷᠢ ᠵᠢᠴᠢ ᠪᠤᠰᠤᠳ | ᠦᠢᠯᠡᠳᠪᠦᠷᠢᠯᠡᠯ᠂ ᠠᠮᠢᠳᠤᠷᠠᠯ ᠤᠨ ᠲᠤᠰᠠᠯᠠᠬᠤ ᠢᠵᠢ ᠪᠦᠷᠢᠳᠦᠭᠦᠯᠬᠦ ᠲᠥᠬᠦᠭᠡᠷᠦᠮᠵᠢ ᠪᠠᠭᠲᠠᠨ᠎ᠠ᠃ ᠲᠥᠷᠥᠯ ᠵᠦᠢᠯ | ᠪᠠᠶᠢᠭᠤᠯᠤᠭᠳᠠᠭᠰᠠᠨ ᠤ ᠳᠠᠷᠠᠭ᠎ᠠ᠂ ᠵᠢᠱᠢᠯᠲᠡ ᠪᠠᠷ ᠠᠮᠤ ᠪᠤᠳᠠᠭᠠᠨ ᠤ ᠬᠥᠮᠥᠷᠭᠡ ᠳᠤ ᠣᠷᠣᠭᠤᠯᠬᠤ ᠶᠡᠷᠦᠩᠬᠡᠢ | ᠬᠡᠮᠵᠢᠶ᠎ᠡ ᠵᠢᠯ ᠪᠦᠷᠢ 14 ᠲᠦᠮᠡᠨ ᠲᠣᠨ ᠳᠤ ᠬᠦᠷᠴᠦ᠂ ᠵᠢᠯ ᠤᠨ ᠦᠢᠯᠡᠳᠬᠦᠨ ᠤ ᠥᠷᠲᠡᠭ ᠨᠢ 4.2 | ᠳ᠋ᠦᠩᠰᠢᠭᠤᠷ ᠲᠥᠭᠦᠷᠢᠭ ᠲᠤ ᠬᠦᠷᠬᠦ ᠪᠣᠯᠣᠨ᠎ᠠ᠃ | ᠠᠮᠤ ᠪᠤᠳᠠᠭᠠᠨ ᠤ ᠬᠥᠮᠥᠷᠭᠡ ᠶᠢᠨ ᠲᠥᠯᠦᠪᠵᠢᠭᠦᠯᠭᠡ ᠪᠦᠲᠦᠭᠡᠨ ᠪᠠᠶᠢᠭᠤᠯᠤᠯᠲᠠ ᠶᠢ ᠲᠠᠰᠤᠷᠠᠯᠲᠠ ᠦᠭᠡᠢ | ᠠᠬᠢᠭᠤᠯᠬᠤ ᠠᠴᠠ ᠭᠠᠳᠠᠨ᠎ᠠ᠂ ᠬᠥᠮᠥᠷᠭᠡᠯᠡᠨ ᠬᠠᠳᠠᠭᠠᠯᠠᠬᠤ ᠮᠡᠷᠭᠡᠵᠢᠯ ᠴᠦ ᠵᠡᠷᠭᠡᠪᠡᠷ ᠳᠡᠭᠡᠭᠰᠢᠯᠡᠵᠦ᠂ ᠠᠮᠤᠷ | ᠲᠦᠪᠰᠢᠨ ᠢᠶᠠᠷ ᠠᠮᠤ ᠪᠤᠳᠠᠭ᠎ᠠ ᠨᠥᠭᠡᠴᠡᠯᠡᠬᠦ ᠴᠢᠳᠠᠪᠤᠷᠢ ᠦᠷᠭᠦᠯᠵᠢᠯᠡᠨ ᠴᠢᠩᠭᠠᠷᠠᠵᠤ ᠪᠠᠶᠢᠨ᠎ᠠ᠃ ︽ᠠᠮᠤ | ᠪᠤᠳᠠᠭᠠᠨ ᠤ ᠬᠥᠮᠥᠷᠭᠡ ᠶᠢ ᠪᠦᠲᠦᠭᠡᠨ ᠪᠠᠶᠢᠭᠤᠯᠬᠤ ᠶᠠᠪᠤᠴᠠ ᠳᠤ ᠠᠮᠤ ᠪᠤᠳᠠᠭᠠᠨ ᠤ ᠪᠠᠲᠤᠯᠠᠭ᠎ᠠ ᠶᠢᠨ ᠲᠡᠷᠢᠭᠦᠨ ᠤ | ᠮᠡᠷᠭᠡᠵᠢᠯ ᠢ ᠬᠡᠷᠡᠭᠯᠡᠪᠡᠯ᠂ ᠤᠲᠤᠵᠤ ᠵᠢᠩᠨᠡᠬᠦ ᠶᠢ ᠪᠠᠭᠠᠰᠬᠠᠵᠤ᠂ ᠳᠤᠯᠠᠭᠠᠨ ᠤ ᠬᠡᠮᠵᠢᠶ᠎ᠡ ᠶᠢ ᠪᠠᠭᠤᠷᠠᠭᠤᠯᠤᠨ᠂ ᠠᠮᠤ | ᠪᠤᠳᠠᠭᠠᠨ ᠤ ᠶᠠᠰᠤ ᠴᠢᠨᠠᠷ ᠢ ᠳᠡᠭᠡᠭᠰᠢᠯᠡᠭᠦᠯᠵᠦ᠂ ᠠᠮᠤ ᠪᠤᠳᠠᠭᠠᠨ ᠤ ᠰᠦᠢᠳᠦᠯ ᠬᠤᠷᠣᠭᠳᠠᠯ ᠢ ᠪᠠᠭᠠᠰᠬᠠᠬᠤ ᠶᠢᠨ | ᠤᠯᠠᠮ ᠠᠴᠠ ᠪᠣᠬᠢᠷᠳᠤᠯ ᠦᠭᠡᠢ ᠪᠠᠷ ᠠᠮᠤ ᠪᠤᠳᠠᠭ᠎ᠠ ᠨᠥᠭᠡᠴᠡᠯᠡᠬᠦ ᠵᠣᠷᠢᠯᠭ᠎ᠠ ᠳᠠᠭᠠᠨ ᠬᠦᠷᠴᠦ ᠴᠢᠳᠠᠨ᠎ᠠ︾ ᠭᠡᠵᠦ | ᠲᠥᠪ ᠤᠨ ᠨᠥᠭᠡᠴᠡ ᠠᠮᠤ ᠪᠤᠳᠠᠭᠠᠨ ᠤ ᠬᠥᠬᠡᠬᠤᠲᠠ ᠶᠢᠨ ᠰᠢᠭᠤᠳ ᠬᠠᠷᠢᠶ᠎ᠠ ᠬᠥᠮᠥᠷᠭᠡ ᠶᠢᠨ ᠬᠢᠵᠠᠭᠠᠷᠲᠤ | ᠺᠣᠮᠫᠠᠨᠢ ᠶᠢᠨ ᠳᠡᠳ᠋ ᠶᠡᠷᠦᠩᠬᠡᠢ ᠳᠠᠭᠠᠭᠠᠮᠠᠯ ᠭᠤᠤ ᠹᠥ᠋ᠩ ᠬᠡᠯᠡᠪᠡ᠃ | ᠣᠶᠢᠷ᠎ᠠ ᠶᠢᠨ ᠵᠢᠯ ᠠᠴᠠ᠂ ᠮᠠᠨ ᠤ ᠰᠢᠶᠠᠨ ᠢᠮᠠᠭᠲᠠ ᠶᠡᠷᠦᠩᠬᠡᠢ ᠱᠦᠵᠢ ᠰᠢ ᠶᠢᠨ ᠫᠢᠩ ᠤᠯᠤᠰ ᠤᠨ ᠠᠮᠤ | ᠪᠤᠳᠠᠭᠠᠨ ᠤ ᠠᠮᠤᠷ ᠲᠦᠪᠰᠢᠨ ᠤ ᠲᠤᠬᠠᠢ ᠴᠢᠬᠤᠯᠠ ᠴᠣᠬᠤᠯᠠᠪᠤᠷᠢ ᠵᠢᠭᠠᠪᠤᠷᠢ ᠶᠢᠨ ᠵᠣᠷᠢᠭ ᠰᠠᠨᠠᠭ᠎ᠠ ᠶᠢ | ᠲᠤᠤᠱᠯᠠᠭᠤᠯᠤᠨ ᠨᠠᠶᠢᠳᠠᠪᠤᠷᠢᠵᠢᠭᠤᠯᠵᠤ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠦᠲᠦᠭᠡᠨ | ᠪᠠᠶᠢᠭᠤᠯᠤᠯᠲᠠ ᠶᠢ ᠠᠬᠢᠭᠤᠯᠵᠤ᠂ ᠲᠠᠷᠢᠶᠠᠯᠠᠩ ᠤᠨ ᠰᠠᠭᠤᠷᠢ ᠲᠥᠬᠦᠭᠡᠷᠦᠮᠵᠢ ᠶᠢ ᠲᠡᠭᠦᠯᠳᠡᠷᠵᠢᠭᠦᠯᠵᠦ᠂ ᠠᠮᠤ | ᠪᠤᠳᠠᠭᠠᠨ ᠤ ᠦᠢᠯᠡᠳᠪᠦᠷᠢᠯᠡᠯ ᠤᠨ ᠴᠢᠳᠠᠪᠤᠷᠢ ᠶᠢ ᠳᠡᠭᠡᠭᠰᠢᠯᠡᠭᠦᠯᠵᠦ᠂ ᠠᠮᠤ ᠪᠤᠳᠠᠭᠠᠨ ᠤ ᠠᠵᠤ ᠦᠢᠯᠡᠰ ᠤᠨ | ᠬᠡᠯᠬᠢᠶ᠎ᠡ ᠶᠢᠨ ᠬᠠᠩᠭᠠᠯᠭ᠎ᠠ ᠶᠢᠨ ᠬᠡᠯᠬᠢᠶ᠎ᠡ ᠶᠢ ᠰᠢᠯᠢᠳᠡᠭᠵᠢᠭᠦᠯᠵᠦ᠂ ᠠᠮᠤ ᠪᠤᠳᠠᠭᠠᠨ ᠤ ︽ᠦᠢᠯᠡᠳᠪᠦᠷᠢᠯᠡᠬᠦ | ᠬᠤᠳᠠᠯᠳᠤᠨ ᠠᠪᠬᠤ ᠬᠠᠳᠠᠭᠠᠯᠠᠬᠤ ᠪᠣᠷᠣᠯᠠᠭᠤᠯᠬᠤ︾ ᠪᠦᠬᠦ ᠠᠵᠤ ᠦᠢᠯᠡᠰ ᠤᠨ ᠬᠡᠯᠬᠢᠶ᠎ᠡ ᠶᠢᠨ ᠬᠠᠮᠵᠢᠯᠴᠠᠨ | ᠬᠥᠭᠵᠢᠬᠦ ᠶᠢ ᠪᠠᠶᠢᠭᠤᠯᠪᠠ᠃ ᠡᠳᠡᠭᠡᠷ ᠠᠷᠭ᠎ᠠ ᠬᠡᠮᠵᠢᠶ᠎ᠡ ᠨᠢ ᠤᠯᠤᠰ ᠤᠨ ᠠᠮᠤ ᠪᠤᠳᠠᠭᠠᠨ ᠤ ᠠᠮᠤᠷ ᠲᠦᠪᠰᠢᠨ ᠢ | ᠪᠠᠲᠤᠯᠠᠬᠤ᠂ ᠠᠮᠤ ᠪᠤᠳᠠᠭᠠᠨ ᠤ ᠬᠤᠷᠸ᠎ᠠ ᠲᠣᠬᠢᠷᠠᠭᠤᠯᠤᠯ ᠡᠵᠡᠮᠳᠡᠯ ᠢ ᠬᠡᠷᠡᠭᠵᠢᠭᠦᠯᠬᠦ᠂ ᠠᠮᠤ ᠪᠤᠳᠠᠭᠠᠨ ᠤ | ᠬᠠᠩᠭᠠᠯᠭ᠎ᠠ ᠶᠢ ᠲᠡᠩᠴᠡᠭᠦᠷᠢᠲᠡᠢ ᠪᠣᠯᠭᠠᠬᠤ᠂ ᠨᠡᠶᠢᠭᠡᠮ ᠤᠨ ᠲᠣᠭᠲᠠᠭᠤᠨ ᠪᠠᠶᠢᠳᠠᠯ ᠢ ᠦᠨᠡᠨ ᠬᠦ ᠪᠠᠲᠤᠯᠠᠬᠤ᠂ | ᠤᠯᠤᠰ ᠤᠨ ᠠᠵᠤ ᠠᠬᠤᠢ ᠶᠢᠨ ᠦᠷᠭᠦᠯᠵᠢᠯᠡᠬᠦ ᠬᠥᠭᠵᠢᠯᠲᠡ ᠶᠢ ᠠᠬᠢᠭᠤᠯᠬᠤ ᠳᠤ ᠴᠢᠬᠤᠯᠠ ᠦᠢᠯᠡᠳᠦᠯ ᠲᠠᠢ ᠶᠤᠮ᠃ |