ᠱᠠᠭ᠎ᠠ ᠲᠣᠭᠯᠠᠭᠠᠮ ᠤᠨ ᠶᠣᠰᠣ ᠳᠦᠷᠢᠮ
ᠨᠡᠶᠢᠲᠡᠯᠡᠭᠰᠡᠨ ᠴᠠᠭ᠄
2023/12/14
       ᠮᠣᠩᠭᠤᠯᠴᠤᠳ ᠤᠨ ᠱᠠᠭ᠎ᠠ ᠲᠣᠭᠯᠠᠭᠠᠮ ᠨᠢ ᠡᠭᠦᠰᠴᠦ ᠬᠥᠭᠵᠢᠬᠦ ᠶᠠᠪᠤᠴᠠ ᠳᠠᠭᠠᠨ ᠪᠤᠰᠤᠳ ᠰᠣᠶᠣᠯ ᠲᠠᠮᠢᠷ ᠤᠨ ᠠᠵᠢᠯᠯᠠᠭ᠎ᠠ ᠲᠠᠢ ᠠᠳᠠᠯᠢ ᠮᠥᠨ ᠮᠠᠰᠢ ᠨᠠᠷᠢᠨ ᠳᠦᠷᠢᠮ ᠶᠣᠰᠣ ᠪᠤᠢ ᠪᠣᠯᠵᠤ ᠦᠶ᠎ᠡ ᠤᠯᠠᠮᠵᠢᠯᠠᠨ ᠢᠷᠡᠭᠰᠡᠨ ᠪᠢᠯᠡ᠃ ᠱᠠᠭ᠎ᠠ ᠨᠠᠭᠠᠳᠤᠮ ᠨᠢ ᠶᠡᠷᠦᠩᠬᠡᠢ ᠲᠣᠭᠲᠠᠭᠰᠠᠨ ᠵᠢᠷᠤᠮ ᠳᠦᠷᠢᠮ ᠪᠠᠶᠢᠬᠤ ᠠᠴᠠ ᠭᠠᠳᠠᠨ᠎ᠠ᠂ ᠪᠠᠰᠠ ᠲᠥᠷᠤᠯ ᠵᠦᠢᠯ ᠤᠨ ᠲᠣᠭᠯᠠᠭᠠᠮ ᠪᠣᠯᠭᠠᠨ ᠳᠤ ᠲᠤᠰ ᠲᠤᠰ ᠤᠨ ᠬᠢᠨᠢ ᠵᠢᠷᠤᠮ ᠳᠦᠷᠢᠮ ᠪᠠᠶᠢᠳᠠᠭ ᠶᠤᠮ᠃ ᠨᠠᠭᠠᠳᠤᠮ ᠳᠤ ᠤᠷᠤᠯᠴᠠᠬᠰᠠᠨ ᠬᠥᠮᠥᠨ ᠪᠣᠯᠭᠠᠨ ᠬᠡᠪᠰᠢᠭᠰᠡᠨ ᠡᠨᠡ ᠬᠦ ᠳᠦᠷᠢᠮ ᠶᠣᠰᠣ ᠶᠢ ᠴᠢᠩᠭ᠎ᠠ ᠵᠢᠷᠤᠮᠯᠠᠨ ᠰᠠᠬᠢᠬᠤ ᠶᠣᠰᠣᠲᠠᠢ᠃ ᠦᠭᠡᠢ ᠪᠣᠯ ᠨᠠᠭᠠᠳᠤᠮ ᠳᠤ ᠣᠷᠤᠯᠴᠠᠬᠤ ᠡᠷᠬᠡ ᠶᠢ ᠨᠢ ᠬᠠᠰᠤᠳᠠᠭ ᠪᠠᠶᠢᠨ᠎ᠠ᠃    1. ᠱᠠᠭ᠎ᠠ ᠨᠠᠭᠠᠳᠤᠮ ᠢ ᠡᠬᠢᠯᠡᠵᠦ ᠲᠣᠭᠯᠠᠬᠤ ᠳᠠᠭᠠᠨ᠂ ᠨᠠᠰᠤᠨ ᠤ ᠡᠷᠡᠮᠪᠡ ᠪᠠᠷ ᠬᠠᠮᠤᠭ ᠤᠨ ᠥᠨᠳᠥᠷ ᠨᠠᠰᠤᠲᠠᠢ ᠠᠬᠠᠮᠠᠳ ᠠᠴᠠ ᠡᠬᠢᠯᠡᠬᠦ ᠪᠤᠶᠤ ᠭᠠᠭᠴᠠ ᠱᠠᠭ᠎ᠠ ᠬᠠᠶᠠᠵᠤ ᠬᠡᠨ ᠨᠢ ᠮᠣᠷᠢ ᠪᠣᠰᠬᠠᠪᠠᠯ ᠲᠠᠷᠨ ᠨᠢ ᠤᠷᠢᠳᠠᠪᠠᠷ ᠡᠬᠢᠯᠡᠵᠦ ᠨᠠᠭᠠᠳᠤᠨ᠎ᠠ᠃    2. ᠨᠠᠷᠨ ᠵᠥᠪ ᠡᠷᠭᠢᠬᠦ ᠵᠢᠷᠤᠮ ᠢᠶᠠᠷ ᠡᠬᠢᠯᠡᠵᠦ ᠨᠠᠭᠠᠳᠬᠤ ᠡᠷᠬᠡ ᠣᠯᠣᠭᠰᠠᠨ ᠬᠥᠮᠥᠨ ᠱᠠᠭ᠎ᠠ ᠪᠠᠨ ᠬᠠᠶᠠᠵᠤ ᠨᠠᠭᠠᠳᠤᠮ ᠡᠭᠦᠰᠬᠡᠨ᠎ᠡ᠃ ᠭᠡᠬᠦ ᠳᠤ ᠵᠠᠷᠢᠮ ᠭᠠᠵᠠᠷ ᠨᠡᠷᠨ ᠵᠥᠪ ᠡᠷᠭᠢᠵᠦ᠂ ᠨᠠᠭᠠᠳᠤᠮ ᠪᠤᠷᠤᠭᠤ ᠡᠷᠭᠢᠨ᠎ᠡ ᠬᠡᠮᠡᠨ ᠬᠡᠯᠡᠳᠡᠭ ᠴᠦ ᠪᠤᠢ᠃ ᠨᠠᠭᠠᠳᠤᠮ ᠡᠭᠦᠰᠬᠡᠵᠦ ᠡᠬᠢᠯᠡᠭᠰᠡᠨ ᠬᠥᠮᠥᠨ ᠠᠴᠠ ᠳᠠᠷᠠᠭᠠᠯᠠᠨ ᠡᠮᠬᠢ ᠵᠢᠷᠤᠮ ᠲᠠᠢ᠂ ᠲᠠᠰ ᠳᠠᠷᠠᠭᠠᠯᠠᠨ ᠨᠠᠭᠠᠳᠬᠤ ᠪᠣᠯᠣᠨ᠎ᠠ᠃    3. ᠱᠠᠭ᠎ᠠ ᠨᠠᠭᠠᠳᠬᠤ ᠳᠠᠭᠠᠨ ᠪᠣᠯᠪᠠᠰᠤᠨ ᠶᠣᠰᠣᠷᠬᠠᠭ ᠢ ᠡᠷᠬᠢᠮᠯᠡᠵᠦ᠂ ᠶᠣᠰᠣ ᠪᠤᠰᠤ ᠪᠠᠷ ᠠᠭᠠᠰᠢᠯᠠᠵᠤ ᠤᠬᠳᠤ ᠪᠤᠯᠬᠤ ᠦᠭᠡᠢ᠃ ᠬᠡᠨ ᠶᠣᠰᠣ ᠪᠤᠰᠤ ᠪᠠᠷ ᠠᠭᠠᠰᠢᠯᠠᠪᠠᠯ ᠨᠠᠭᠠᠳᠬᠤ ᠡᠷᠬᠡ ᠶᠢ ᠨᠢ ᠬᠠᠰᠤᠨ᠎ᠠ᠃    4. ᠨᠠᠭᠠᠳᠤᠮ ᠳᠤ ᠣᠷᠣᠯᠴᠠᠭᠰᠠᠳ ︵ᠰᠣᠯᠣᠭᠠᠢ ᠭᠠᠷ ᠲᠠᠢ ᠬᠥᠮᠥᠨ ᠢ ᠭᠠᠷᠭᠠᠪᠠᠯ︶ ᠱᠠᠭ᠎ᠠ ᠪᠠᠨ ᠰᠣᠯᠣᠭᠠᠢ ᠭᠠᠷ ᠢᠶᠠᠷ ᠬᠠᠶᠠᠵᠤ ᠪᠤᠯᠬᠤ ᠦᠭᠡᠢ᠃    5. ᠱᠠᠭ᠎ᠠ ᠨᠠᠭᠠᠳᠤᠮ ᠤᠨ ᠰᠢᠪᠰᠢᠬᠦ ᠰᠢᠯᠦᠭ ᠢᠶᠠᠨ ᠪᠤᠷᠤᠭᠤ ᠤᠩᠰᠢᠵᠤ ᠪᠤᠯᠬᠤ ᠦᠭᠡᠢ᠂ ᠬᠡᠷᠪᠡ ᠪᠤᠷᠤᠭᠤ ᠤᠩᠰᠢᠪᠠᠯ ᠡᠭᠡᠯᠵᠢ ᠶᠢᠨ ᠡᠷᠬᠡ ᠶᠢ ᠬᠠᠰᠤᠨ᠎ᠠ᠃    6. ᠨᠠᠭᠠᠳᠤᠮ ᠳᠤ ᠣᠷᠣᠯᠴᠠᠭᠰᠠᠳ᠂ ᠱᠠᠭ᠎ᠠ ᠣᠪᠤᠭᠠᠷᠠᠯᠳᠤᠭᠤᠯᠤᠨ᠂ ᠭᠥᠡᠳᠡᠭᠡ ᠲᠠᠢ ᠬᠠᠶᠠᠵᠤ ᠪᠤᠯᠬᠤ ᠦᠭᠡᠢ᠃ ᠭᠡᠪᠡᠴᠦ ᠬᠡᠳᠤ ᠠᠴᠠ ᠳᠡᠭᠡᠭᠰᠢ ᠭᠥᠡᠳᠡᠭᠡ ᠪᠠᠷᠢᠬᠤ ᠶᠢ ᠤᠷᠢᠳᠠᠪᠠᠷ ᠶᠠᠷᠢᠯᠴᠠᠨ ᠲᠣᠭᠲᠠᠭᠠᠨ᠎ᠠ᠃ ᠶᠠᠷᠢᠯᠴᠠᠨ ᠲᠣᠭᠲᠠᠭᠰᠠᠨ ᠭᠥᠡᠳᠡᠭᠡ ᠠᠴᠠ ᠬᠡᠲᠦᠷᠡᠪᠡᠯ᠂ ᠡᠭᠡᠯᠵᠢ ᠶᠢᠨ ᠡᠷᠬᠡ ᠶᠢ ᠨᠢ ᠬᠠᠰᠤᠵᠤ ᠪᠣᠯᠣᠨ᠎ᠠ᠃    7. ᠨᠠᠭᠠᠳᠤᠮ ᠳᠤ ᠣᠷᠣᠯᠴᠠᠭᠰᠠᠳ᠂ ᠱᠠᠭ᠎ᠠ ᠪᠠᠨ ᠬᠠᠷᠪᠤᠬᠤ ᠦᠶ᠎ᠡ ᠪᠤᠶᠤ ᠬᠠᠷᠪᠤᠭᠰᠠᠨ ᠱᠠᠭ᠎ᠠ ᠪᠠᠨ ᠠᠪᠬᠤ ᠦᠶ᠎ᠡ ᠳᠤ ᠵᠠᠩᠭᠠᠵᠤ ᠪᠤᠯᠬᠤ ᠦᠭᠡᠢ᠂ ᠰᠠᠶᠢᠲᠤᠷ ᠪᠣᠳᠣᠯᠬᠢᠯᠠᠵᠤ ᠠᠯᠢ ᠠᠰᠢᠭᠲᠠᠢ ᠭᠡᠵᠦ ᠦᠵᠡᠭᠰᠡᠨ ᠱᠠᠭ᠎ᠠ ᠪᠠᠨ ᠠᠪᠤᠨ᠎ᠠ᠃ ᠭᠡᠬᠦ ᠳᠤ ᠱᠠᠭ᠎ᠠ ᠠᠪᠬᠤ ᠳᠠᠭᠠᠨ ᠪᠤᠰᠤᠳ ᠱᠠᠭ᠎ᠠ ᠶᠢ ᠬᠥᠳᠡᠯᠭᠡᠵᠦ ᠭᠥᠡᠳᠠᠵᠦ ᠪᠤᠯᠬᠤ ᠦᠭᠡᠢ᠃     8. ᠱᠠᠭ᠎ᠠ ᠬᠠᠶᠠᠭᠰᠠᠨ ᠭᠠᠷ ᠢᠶᠠᠷ ᠢᠶᠠᠨ ᠮᠣᠷᠢ ᠳᠤᠰᠤᠭᠰᠠᠨ ᠱᠠᠭ᠎ᠠ ᠪᠤᠶᠤ ᠬᠠᠷᠪᠤᠭᠰᠠᠨ ᠱᠠᠭ᠎ᠠ ᠠᠴᠠ ᠠᠪᠴᠤ ᠪᠤᠯᠬᠤ ᠦᠭᠡᠢ᠃    9. ᠱᠠᠭ᠎ᠠ ᠨᠠᠭᠠᠳᠤᠮ ᠳᠤ᠂ ᠬᠠᠶᠠᠭᠰᠠᠨ ᠱᠠᠭ᠎ᠠ ᠶᠢᠨ ᠮᠣᠷᠢ ᠶᠢ ᠬᠤᠭᠤᠷᠣᠨᠳᠤ ᠨᠢ ᠬᠠᠷᠪᠤᠳᠠᠭ ᠦᠭᠡᠢ ᠵᠠᠩᠰᠢᠯ ᠲᠠᠢ᠃ ᠬᠡᠨ ᠬᠥᠮᠥᠨ ᠱᠠᠭ᠎ᠠ ᠪᠠᠨ ᠬᠠᠶᠠᠭᠠᠳ ᠳᠤᠰᠤᠭᠰᠠᠨ ᠮᠣᠷᠢ ᠪᠠᠨ ᠤᠷᠢᠳᠠᠪᠠᠷ ᠲᠡᠭᠦᠵᠦ ᠠᠪᠬᠤ ᠦᠭᠡᠢ ᠱᠠᠭ᠎ᠠ ᠪᠠᠨ ᠬᠠᠷᠪᠤᠬᠤ ᠪᠤᠶᠤ ᠮᠣᠷᠢ ᠶᠢ ᠬᠤᠭᠤᠷᠣᠨᠳᠤ ᠨᠢ ᠬᠠᠷᠪᠤᠪᠠᠯ ᠡᠭᠡᠯᠵᠢ ᠶᠢᠨ ᠨᠠᠭᠠᠳᠬᠤ ᠡᠷᠬᠡ ᠶᠢ ᠨᠢ ᠬᠠᠰᠤᠨ᠎ᠠ᠃ ᠭᠡᠪᠡᠴᠦ ᠵᠠᠷᠢᠮ ᠭᠠᠵᠠᠷ ᠮᠣᠷᠢ ᠶᠢ ᠬᠤᠭᠤᠷᠣᠨᠳᠤ ᠨᠢ ᠬᠠᠷᠪᠤᠬᠤ ᠦᠵᠡᠭᠳᠡᠯ ᠪᠤᠢ᠃    10. ᠤᠡᠭᠭᠤ ᠲᠠᠢ ᠨᠠᠭᠠᠳᠬᠤ ᠡᠰᠡᠬᠦ ᠪᠠᠨ ᠶᠠᠷᠢᠯᠴᠠᠵᠤ ᠲᠣᠭᠲᠠᠭᠠᠨ᠎ᠠ᠃ ᠬᠡᠷᠪᠡ ᠤᠡᠭᠭᠤ ᠲᠠᠢ ᠨᠠᠭᠠᠳᠪᠠᠯ᠂ ᠬᠠᠶᠠᠭᠰᠠᠨ ᠱᠠᠭ᠎ᠠ ᠳᠤ ᠤᠡᠭᠭᠤ ᠪᠠᠶᠢᠪᠠᠯ᠂ ᠨᠠᠭᠠᠳᠤᠮ ᠤᠨ ᠳᠠᠭᠠᠭᠠᠮᠠᠯ ᠪᠤᠶᠤ ᠬᠠᠮᠤᠭ ᠠᠬᠠᠮᠠᠳ ᠬᠥᠮᠥᠨ ᠢᠶᠠᠷ ᠤᠡᠭᠭᠤ ᠶᠢ ᠭᠤᠷᠪᠠ ᠤᠳᠠᠭ᠎ᠠ ᠬᠠᠶᠠᠭᠤᠯᠵᠤ ᠭᠤᠷᠪᠠᠳᠠᠭᠢ ᠤᠳᠠᠭ᠎ᠠ ᠳᠤᠰᠤᠭᠰᠠᠨ ᠢᠶᠠᠷ ᠪᠠᠷᠢᠮᠵᠢᠶᠠᠯᠠᠨ᠎ᠠ᠃ ᠬᠡᠷᠪᠡ ᠤᠡᠭᠭᠤ ᠠᠪᠬᠤ ᠭᠡᠵᠦ ᠲᠣᠭᠲᠠᠭᠠᠪᠠᠯ᠂ ᠬᠡᠨ ᠴᠦ ᠬᠠᠶᠠᠭᠰᠠᠨ ᠱᠠᠭ᠎ᠠ ᠳᠤ ᠤᠡᠭᠭᠤ ᠲᠤᠰᠪᠡᠯ ᠲᠠᠷᠨ ᠬᠥᠮᠥᠨ ᠤ ᠡᠭᠡᠯᠵᠢ ᠶᠢᠨ ᠡᠷᠬᠡ ᠶᠢ ᠬᠠᠰᠤᠵᠤ ᠲᠠᠷᠠᠭᠠᠴᠢ ᠶᠢᠨ ᠬᠥᠮᠥᠨ ᠵᠠᠯᠭᠠᠵᠤ ᠨᠠᠭᠠᠳᠬᠤ ᠶᠣᠰᠣᠲᠠᠢ᠃    11. ᠨᠠᠭᠠᠳᠤᠮ ᠳᠤ ᠣᠷᠣᠯᠴᠠᠭᠰᠠᠳ ᠱᠠᠭ᠎ᠠ ᠬᠠᠶᠠᠬᠤ ᠳᠠᠭᠠᠨ ᠭᠤᠭᠤᠵᠢᠭᠤᠯᠵᠤ ᠴᠤᠪᠤᠭᠤᠯᠤᠨ ᠡᠬᠢ ᠠᠳᠠᠭ ᠦᠭᠡᠢ ᠬᠠᠶᠠᠵᠤ ᠪᠤᠯᠬᠤ ᠦᠭᠡᠢ᠃    12. ᠱᠠᠭ᠎ᠠ ᠬᠠᠷᠪᠤᠵᠤ ᠨᠠᠭᠠᠳᠬᠤ ᠳᠠᠭᠠᠨ᠂ ᠪᠤᠰᠤᠳ ᠶᠠᠮᠠᠷ ᠴᠦ ᠱᠠᠭ᠎ᠠ ᠶᠢ ᠤᠨᠤᠪᠡᠯ ᠮᠥᠨ ᠭᠦᠨᠳᠡᠭᠰᠡᠨ ᠢᠶᠠᠷ ᠪᠤᠳᠤᠨ᠎ᠠ᠃ ᠱᠠᠭ᠎ᠠ ᠬᠠᠷᠪᠤᠬᠤ ᠦᠶ᠎ᠡ ᠪᠤᠶᠤ ᠬᠠᠷᠪᠤᠭᠰᠠᠨ ᠱᠠᠭ᠎ᠠ ᠪᠠᠨ ᠠᠪᠬᠤ ᠦᠶ᠎ᠡ ᠳᠤ ᠪᠤᠰᠤᠳ ᠱᠠᠭ᠎ᠠ ᠶᠢ ᠰᠠᠨᠠᠮᠰᠠᠷ ᠦᠭᠡᠢ ᠬᠥᠳᠡᠯᠭᠡᠪᠡᠯ ᠮᠥᠨ ᠭᠥᠡᠳᠡᠭᠡ ᠪᠠᠷ ᠪᠤᠳᠤᠨ᠎ᠠ᠃    13. ᠱᠠᠭ᠎ᠠ ᠨᠠᠭᠠᠳᠤᠮ ᠳᠤ ᠣᠷᠣᠯᠴᠠᠭᠰᠠᠳ ᠱᠠᠭ᠎ᠠ ᠬᠠᠶᠠᠬᠤ ᠬᠡᠮᠵᠢᠶ᠎ᠡ ᠲᠣᠭᠲᠠᠭᠠᠨ᠎ᠠ᠃ ᠲᠣᠭᠲᠠᠭᠠᠭᠰᠠᠨ ᠬᠡᠮᠵᠢᠶ᠎ᠡ ᠬᠦᠷᠢᠶ᠎ᠡ ᠠᠴᠠ ᠨᠢᠭᠡ ᠯᠠ ᠱᠠᠭ᠎ᠠ ᠭᠠᠳᠠᠨ᠎ᠠ ᠲᠤᠰᠪᠡᠯ ᠮᠥᠨ ᠡᠭᠡᠯᠵᠢ ᠶᠢᠨ ᠡᠷᠬᠡ ᠶᠢ ᠬᠠᠰᠤᠨ᠎ᠠ᠃    14. ᠱᠠᠭ᠎ᠠ ᠨᠠᠭᠠᠳᠤᠮ ᠳᠤ ᠣᠷᠣᠯᠴᠠᠭᠠᠳ ᠨᠢᠭᠡ ᠴᠦ ᠱᠠᠭ᠎ᠠ ᠦᠭᠡᠢ ᠪᠣᠯᠪᠠᠯ ᠱᠦᠭᠦᠭᠳᠡᠭᠰᠡᠨ ᠢᠶᠠᠷ ᠪᠤᠳᠤᠨ᠎ᠠ᠂ ᠭᠡᠪᠡᠴᠦ ᠠᠵᠠ ᠶᠢᠨ ᠭᠠᠭᠴᠠ ᠬᠠᠶᠠᠬᠤ ᠪᠤᠶᠤ ᠢᠵᠢᠯ ᠱᠠᠭ᠎ᠠ ᠶᠢᠨ ᠪᠤᠯᠢᠶᠠᠯᠴᠠᠭᠠᠨ ᠳᠤ ᠣᠷᠣᠵᠤ ᠪᠤᠯᠬᠤ ᠪᠥᠭᠡᠳ ᠱᠠᠭ᠎ᠠ ᠣᠯᠵᠤ ᠴᠢᠳᠠᠪᠠᠯ ᠮᠥᠨ ᠵᠠᠯᠭᠠᠵᠤ ᠨᠠᠭᠠᠳᠴᠤ ᠪᠣᠯᠣᠨ᠎ᠠ᠃    15. ᠬᠠᠶᠠᠭᠰᠠᠨ ᠱᠠᠭ᠎ᠠ ᠶᠢᠨ ᠮᠣᠷᠢ ᠪᠤᠶᠤ ᠬᠠᠷᠪᠤᠭᠰᠠᠨ ᠱᠠᠭ᠎ᠠ ᠪᠠᠨ ᠠᠪᠬᠤ ᠳᠤ ᠱᠠᠭ᠎ᠠ ᠲᠠᠢ ᠭᠠᠷ ᠢᠶᠠᠷ ᠠᠪᠴᠤ ᠪᠤᠯᠬᠤ ᠦᠭᠡᠢ᠃    16. ᠱᠠᠭ᠎ᠠ ᠨᠠᠭᠠᠳᠬᠤ ᠳᠠᠭᠠᠨ ᠬᠡᠷᠡᠭᠦᠯ ᠬᠢᠬᠦ᠂ ᠭᠦᠵᠢᠷᠯᠡᠬᠦ᠂ ᠠᠭᠤᠷᠯᠠᠬᠤ ᠶᠢ ᠪᠦᠷ ᠵᠥᠪᠰᠢᠶᠡᠷᠡᠬᠦ ᠦᠭᠡᠢ᠃    17. ᠨᠠᠭᠠᠳᠤᠮ ᠤᠨ ᠳᠠᠭᠠᠭᠠᠮᠠᠯ ᠪᠤᠶᠤ ᠨᠠᠰᠤᠲᠠᠶᠢᠴᠤᠳ ᠤᠨ ᠵᠥᠪᠰᠢᠶᠡᠷᠡᠯ ᠦᠭᠡᠢ ᠪᠣᠯ ᠬᠥᠮᠥᠨ ᠢᠶᠠᠷ ᠣᠷᠣᠯᠠᠭᠤᠯᠤᠨ ᠱᠠᠭ᠎ᠠ ᠪᠠᠨ ᠬᠠᠷᠪᠤᠭᠤᠯᠬᠤ ᠪᠤᠶᠤ ᠬᠠᠶᠠᠭᠤᠯᠵᠤ ᠪᠤᠯᠬᠤ ᠦᠭᠡᠢ᠃    18. ᠱᠠᠭ᠎ᠠ ᠬᠠᠶᠠᠬᠤ ᠪᠠ ᠱᠠᠭ᠎ᠠ ᠬᠠᠷᠪᠤᠬᠤ ᠶᠠᠪᠤᠴᠠ ᠳᠤ ᠲᠥᠷᠪᠡᠨ ᠱᠠᠭ᠎ᠠ ᠪᠤᠶᠤ ᠭᠤᠷᠪᠠᠨ ᠱᠠᠭ᠎ᠠ ᠦᠯᠡᠳᠡᠭᠡᠭᠰᠡᠨ ᠦᠶ᠎ᠡ ᠳᠤ᠂ ᠬᠡᠷᠪᠡ ᠲᠥᠷᠪᠡᠨ ᠪᠡᠷᠬᠡ ᠪᠤᠶᠤ ᠭᠤᠷᠪᠠᠨ ᠪᠡᠷᠬᠡ ᠲᠤᠰᠪᠡᠯ ᠮᠣᠷᠢ ᠶᠢ ᠨᠢ ᠠᠪᠬᠤ ᠦᠭᠡᠢ ᠂ ᠵᠠᠪᠠᠯ ᠢᠵᠢᠯ ᠲᠤᠰᠪᠡᠯ ᠬᠠᠷᠪᠤᠬᠤ ᠪᠤᠶᠤ ᠮᠣᠷᠢ ᠶᠢ ᠨᠢ ᠠᠪᠴᠤ ᠪᠣᠯᠣᠨ᠎ᠠ᠃ ᠠᠵᠠ ᠶᠢᠨ ᠭᠠᠭᠴᠠ ᠶᠢ ᠪᠤᠯᠢᠶᠠᠯᠴᠠᠭᠠᠨ ᠳᠤ ᠤᠷᠤᠭᠤᠯᠬᠤ ᠦᠭᠡᠢ᠂ ᠬᠡᠨ ᠳᠤ ᠲᠤᠰᠪᠡᠯ ᠲᠠᠷᠨ ᠨᠢ ᠠᠪᠬᠤ ᠶᠣᠰᠣᠲᠠᠢ᠃    19. ᠵᠠᠭᠤ ᠬᠠᠶᠠᠬᠤ ᠪᠤᠶᠤ ᠮᠢᠩᠭ᠎ᠠ ᠳᠤ ᠤᠷᠤᠯᠳᠤᠬᠤ ᠳᠤ ᠣᠯᠣᠭᠰᠠᠨ ᠬᠤᠪᠢ᠂ ᠵᠠᠭᠤ ᠪᠤᠶᠤ ᠮᠢᠩᠭ᠎ᠠ ᠠᠴᠠ ᠬᠡᠲᠦᠷᠡᠪᠡᠯ᠂ ᠰᠢᠲᠠᠭᠰᠠᠨ ᠢᠶᠠᠷ ᠪᠤᠳᠤᠵᠦ᠂ ᠲᠠᠬᠢᠵᠦ ᠡᠬᠢᠯᠡᠨ ᠲᠣᠭᠯᠠᠨ᠎ᠠ᠃    20. ᠬᠡᠨ ᠱᠠᠭ᠎ᠠ ᠬᠠᠶᠠᠭᠰᠠᠨ ᠴᠦ ᠤᠡᠭᠭᠤ ᠲᠤᠰᠬᠤ᠂ ᠭᠥᠡᠳᠡᠭᠡ ᠲᠠᠢ ᠪᠠᠭᠤᠬᠤ ᠳᠤ ᠭᠥᠷᠪᠡᠯ᠂ ᠥᠪᠡᠷ ᠢᠶᠠᠨ ᠤᠡᠭᠭᠤ ᠪᠠᠨ ᠲᠠᠬᠢᠵᠦ ᠬᠠᠶᠠᠬᠤ ᠪᠤᠶᠤ ᠭᠥᠡᠳᠡᠭᠡ ᠲᠠᠢ ᠱᠠᠭ᠎ᠠ ᠠᠪᠴᠤ ᠪᠤᠯᠬᠤ ᠦᠭᠡᠢ᠂ ᠵᠠᠪᠠᠯ᠂ ᠨᠠᠭᠠᠳᠤᠮ ᠤᠨ ᠳᠠᠭᠠᠭᠠᠮᠠᠯ ᠪᠠ ᠨᠠᠰᠤᠲᠠᠶᠢᠴᠤᠳ ᠢᠶᠠᠷ ᠬᠠᠶᠠᠭᠤᠯᠬᠤ ᠪᠤᠶᠤ ᠭᠥᠡᠳᠡᠭᠡ ᠪᠠᠨ ᠭᠠᠷᠭᠠᠬᠤ ᠶᠣᠰᠣᠲᠠᠢ᠃    21. ᠨᠠᠭᠠᠳᠤᠮ ᠳᠤ ᠤᠷᠤᠯᠴᠠᠬᠰᠠᠨ ᠬᠥᠮᠥᠨ ᠪᠣᠯᠭᠠᠨ ᠬᠠᠷᠢᠯᠴᠠᠨ ᠡᠷᠬᠡ ᠲᠡᠭᠰᠢ ᠪᠠᠶᠢᠵᠤ ᠪᠡᠶ᠎ᠡ ᠪᠡᠶ᠎ᠡ ᠳᠡᠭᠡᠨ ᠬᠢᠨᠠᠯᠲᠠ ᠲᠠᠯᠪᠢᠵᠤ ᠲᠥᠪ ᠭᠤᠤᠯᠴᠢ ᠨᠠᠭᠠᠳᠬᠤ ᠶᠢ ᠡᠷᠬᠢᠮᠯᠡᠨ᠎ᠡ᠃ ᠬᠡᠨ ᠴᠦ ᠳᠦᠷᠢᠮ ᠢ ᠵᠥᠷᠢᠴᠡᠵᠦ ᠪᠤᠯᠬᠤ ᠦᠭᠡᠢ᠃    22. ᠱᠠᠭ᠎ᠠ ᠨᠠᠭᠠᠳᠬᠤ ᠳᠤ᠂ ᠵᠣᠭᠤᠰ ᠮᠥᠷᠥᠶᠢᠴᠡᠬᠦ ᠶᠢ ᠴᠢᠩᠭ᠎ᠠ ᠴᠡᠭᠡᠷᠯᠡᠳᠡᠭ ᠪᠥᠭᠡᠳ ᠵᠣᠭᠤᠰ ᠲᠠᠢ ᠨᠠᠭᠠᠳᠬᠤ ᠳᠠᠳᠬᠠᠯ ᠶᠡᠷᠦ ᠠᠴᠠ ᠪᠠᠶᠢᠳᠠᠭ ᠦᠭᠡᠢ᠃ ᠡᠭᠦᠨ ᠠᠴᠠ ᠭᠠᠳᠠᠨ᠎ᠠ᠂ ᠱᠠᠭ᠎ᠠ ᠨᠠᠭᠠᠳᠤᠮ ᠤᠨ ᠲᠥᠷᠤᠯ ᠪᠦᠷᠢ ᠶᠢᠨ ᠲᠣᠭᠯᠠᠭᠠᠮ ᠳᠤ ᠲᠤᠰ ᠲᠤᠰ ᠤᠨ ᠬᠢᠨᠢ ᠬᠡᠪᠰᠢᠭᠰᠡᠨ ᠳᠦᠷᠢᠮ ᠴᠡᠭᠡᠷ ᠤᠳ ᠪᠤᠢ᠃ ᠮᠥᠨ ᠬᠥᠮᠥᠨ ᠪᠣᠯᠭᠠᠨ ᠵᠢᠷᠤᠮᠯᠠᠵᠤ ᠰᠠᠬᠢᠬᠤ ᠶᠣᠰᠣᠲᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1