ᠲᠥᠪ ᠤᠨ ᠴᠠᠭ ᠠᠭᠤᠷ ᠤᠨ ᠰᠢᠨᠵᠢᠯᠡᠭᠡᠨ ᠤ ᠰᠲ᠋ᠠᠨᠼ ᠤᠨ ᠵᠢᠱᠢᠵᠦ ᠪᠠᠶᠢᠬᠤ ᠪᠠᠷ᠂ 11 ᠳ᠋ᠤᠭᠡᠷ | ᠰᠠᠷ᠎ᠠ ᠶᠢᠨ 21 ᠠᠴᠠ 24 ᠤ ᠡᠳᠦᠷ ᠪᠣᠯᠲᠠᠯ᠎ᠠ ᠬᠦᠢᠲᠡᠨ ᠤᠷᠤᠰᠬᠠᠯ ᠮᠠᠨ ᠤ ᠤᠯᠤᠰ ᠤᠨ ᠪᠠᠷᠠᠭᠤᠨ ᠠᠴᠠ | ᠵᠡᠬᠦᠨᠰᠢᠬᠢ ᠶᠡᠬᠡᠩᠬᠢ ᠭᠠᠵᠠᠷ ᠣᠷᠣᠨ ᠢ ᠨᠥᠯᠥᠭᠡᠯᠡᠵᠦ᠂ ᠬᠥᠬᠡᠮᠥ᠋ᠷᠡᠨ ᠤ ᠳᠤᠮᠳᠠ ᠳᠣᠣᠷᠠᠳᠤ ᠤᠷᠤᠰᠬᠠᠯ ᠪᠤᠯᠤᠨ | ᠲᠡᠭᠦᠨ ᠠᠴᠠ ᠤᠮᠠᠷᠠᠰᠢᠬᠢ ᠭᠠᠵᠠᠷ ᠣᠷᠣᠨ ᠳᠤ 4 ᠠᠴᠠ 6 ᠲᠠᠰ ᠤᠨ ᠬᠦᠴᠦᠲᠡᠢ ᠰᠠᠯᠬᠢ ᠰᠠᠯᠬᠢᠯᠠᠵᠤ᠂ | ᠮᠡᠳᠡᠭᠳᠡᠮ᠎ᠡ ᠬᠦᠢᠳᠡᠷᠡᠬᠦ ᠶᠤᠮ ᠪᠠᠶᠢᠨ᠎ᠠ᠂ ᠥᠪᠥᠷ ᠮᠣᠩᠭᠤᠯ᠂ ᠬᠠᠷᠠᠮᠥ᠋ᠷᠡᠨ᠂ ᠭᠢᠷᠢᠨ ᠤ ᠵᠡᠭᠦᠨ ᠪᠡᠶ᠎ᠡ ᠪᠠᠷ ᠶᠡᠭᠡ | ᠴᠠᠰᠤ ᠣᠷᠣᠵᠤ᠂ ᠬᠡᠰᠡᠭ ᠭᠠᠵᠠᠷ ᠲᠤ ᠬᠦᠢᠳᠡᠨ ᠪᠣᠷᠣᠭᠠᠨ ᠣᠷᠣᠨ᠎ᠠ᠃ | | ᠴᠠᠭ ᠠᠭᠤᠷ ᠤᠨ ᠲᠤᠰᠬᠠᠢ ᠮᠡᠷᠭᠡᠵᠢᠯᠲᠡᠨ ᠤ ᠰᠠᠨᠠᠭᠤᠯᠤᠭᠰᠠᠨ ᠢᠶᠠᠷ᠂ ᠥᠪᠥᠷ ᠮᠣᠩᠭᠤᠯ᠂ ᠬᠠᠷᠠᠮᠥ᠋ᠷᠡᠨ᠂ | ᠭᠢᠷᠢᠨ ᠵᠡᠷᠭᠡ ᠭᠠᠵᠠᠷ ᠴᠠᠰᠦ ᠨᠡᠮᠡᠵᠦ ᠣᠷᠣᠬᠤ ᠮᠦᠷᠳᠡᠬᠡᠨ ᠬᠡᠰᠡᠭ ᠭᠠᠵᠠᠷ ᠲᠤ ᠬᠦᠢᠳᠡᠨ ᠪᠣᠷᠣᠭᠠᠨ ᠣᠷᠣᠬᠤ | ᠪᠣᠯᠬᠤᠷ ᠵᠠᠮ ᠬᠠᠷᠢᠯᠴᠠᠭᠠᠨ ᠤ ᠠᠮᠤᠷ ᠲᠦᠪᠰᠢᠨ ᠤ ᠬᠠᠮᠢᠶᠠᠷᠤᠯᠲᠠ ᠶᠢ ᠴᠢᠩᠭᠠᠳᠬᠠᠬᠤ ᠶᠢᠨ ᠬᠠᠮᠲᠤ ᠬᠤᠲᠠ ᠶᠢᠨ | ᠬᠠᠮᠢᠶᠠᠲᠠᠢ ᠠᠵᠢᠯ ᠤᠨ ᠠᠶᠦᠯᠬᠦᠢ ᠪᠠᠶᠢᠳᠠᠯ ᠢ ᠪᠠᠲᠤᠯᠠᠬᠤ ᠠᠵᠢᠯ ᠢ ᠰᠠᠶᠢᠲᠤᠷ ᠬᠢᠬᠦ ᠬᠡᠷᠡᠭᠲᠡᠢ᠂ ᠵᠡᠭᠦᠨ ᠪᠠ ᠡᠮᠦᠨᠡᠲᠦ | ᠪᠡᠶ᠎ᠡ ᠶᠢᠨ ᠲᠠᠯᠠᠢ ᠳᠠᠭᠠᠤ ᠣᠷᠣᠨ ᠪᠤᠯᠤᠨ ᠭᠤᠣᠯ ᠮᠥᠷᠡᠨ ᠨᠠᠭᠤᠷ ᠴᠥᠭᠦᠷᠥᠮ ᠳᠠᠭᠠᠤ ᠣᠷᠣᠨ ᠤ ᠵᠠᠮ | ᠬᠠᠷᠢᠯᠴᠠᠭᠠᠨ ᠤ ᠠᠮᠤᠷ ᠲᠦᠪᠰᠢᠨ ᠤ ᠬᠠᠮᠢᠶᠠᠷᠤᠯᠲᠠ ᠶᠢ ᠴᠦ ᠴᠢᠩᠭᠠᠳᠬᠠᠪᠠᠯ ᠲᠠᠭᠠᠷᠠᠨ᠎ᠠ᠃ ᠡᠬᠦᠨ ᠠᠴᠠ ᠭᠠᠳᠠᠨ᠎ᠠ | ᠣᠯᠠᠨ ᠢᠶᠠᠷ ᠢᠶᠠᠨ ᠬᠤᠪᠴᠠᠰᠦ ᠬᠤᠨᠠᠷ ᠢᠶᠠᠨ ᠵᠤᠵᠠᠭᠠᠯᠠᠵᠦ ᠳᠠᠭᠠᠷᠠᠵᠦ ᠵᠢᠩᠬᠢᠨᠡᠬᠦ ᠶᠤᠮ ᠤᠤ ᠬᠠᠨᠢᠶᠠᠳᠦ ᠬᠢᠮᠤᠷᠠᠭ᠎ᠠ | ᠠᠴᠠ ᠰᠡᠷᠭᠡᠶᠢᠯᠡᠬᠦ ᠶᠢ ᠰᠠᠨᠠᠭᠤᠯᠵᠤ ᠪᠠᠶᠢᠨ᠎ᠠ︕ | |