ᠰᠢ ᠶᠢᠨ ᠫᠢᠩ ᠹᠢᠯᠢᠫᠢᠨ ᠤ ᠶᠡᠷᠦᠩᠬᠡᠶᠢᠯᠡᠭᠴᠢ ᠮᠠᠺᠧᠰ ᠲᠠᠢ ᠬᠡᠯᠡᠯᠴᠡᠭᠡ ᠬᠢᠪᠡ
ᠨᠡᠶᠢᠲᠡᠯᠡᠭᠰᠡᠨ ᠴᠠᠭ᠄
2023/1/5
     1 ᠰᠠᠷ᠎ᠠ ᠶᠢᠨ 4 ᠤ ᠦᠳᠡ ᠶᠢᠨ ᠬᠤᠶᠢᠨ᠎ᠠ᠂ ᠤᠯᠤᠰ ᠤᠨ ᠲᠡᠷᠢᠭᠦᠯᠡᠭᠴᠢ ᠰᠢ ᠶᠢᠨ ᠫᠢᠩ ᠠᠷᠠᠳ‌‍ᠤᠨ ᠶᠡᠭᠡ ᠬᠤᠷᠠᠯ ᠤᠨ ᠲᠠᠩᠬᠢᠮ ᠳᠤ ᠳᠤᠮᠳᠠᠳᠤ ᠤᠯᠤᠰ ᠲᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠬᠦ ᠪᠠᠷ ᠢᠷᠡᠭᠰᠡᠨ ᠹᠢᠯᠢᠫᠢᠨ ᠤ ᠶᠡᠷᠦᠩᠬᠡᠶᠢᠯᠡᠭᠴᠢ ᠮᠠᠺᠧᠰ ᠲᠠᠢ ᠬᠡᠯᠡᠯᠴᠡᠭᠡ ᠬᠢᠪᠡ᠃      1 ᠰᠠᠷ᠎ᠠ ᠶᠢᠨ 4 ᠤ ᠡᠳᠦᠷ᠂ ᠤᠯᠤᠰ ᠤᠨ ᠲᠡᠷᠢᠭᠦᠯᠡᠭᠴᠢ ᠰᠢ ᠶᠢᠨ ᠫᠢᠩ ᠠᠷᠠᠳ ᠤᠨ ᠶᠡᠭᠡ ᠬᠤᠷᠠᠯ ᠤᠨ ᠲᠠᠩᠬᠢᠮ ᠳᠤ ᠳᠤᠮᠳᠠᠳᠤ ᠤᠯᠤᠰ ᠲᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠬᠦ ᠪᠠᠷ ᠢᠷᠡᠭᠰᠡᠨ ᠹᠢᠯᠢᠫᠢᠨ ᠤ ᠶᠡᠷᠦᠩᠬᠡᠶᠢᠯᠡᠭᠴᠢ ᠮᠠᠺᠧᠰ ᠲᠠᠢ ᠬᠡᠯᠡᠯᠴᠡᠭᠡ ᠬᠢᠪᠡ᠃ ᠬᠡᠯᠡᠯᠴᠡᠭᠡ ᠬᠢᠬᠦ ᠠᠴᠠ  ᠡᠮᠦᠨ᠎ᠡ᠂ ᠰᠢ ᠶᠢᠨ ᠫᠢᠩ ᠠᠷᠠᠳ ᠤᠨ ᠶᠡᠭᠡ ᠬᠤᠷᠠᠯ ᠤᠨ ᠲᠠᠩᠬᠢᠮ ᠤᠨ ᠬᠤᠶᠢᠲᠤ ᠶᠡᠭᠡ ᠲᠢᠩᠬᠢᠮ ᠳᠤ ᠮᠠᠺᠧᠰ‌ᠢ ᠤᠭᠲᠤᠬᠤ ᠶᠣᠰᠣᠯᠠᠯ ᠶᠠᠪᠤᠭᠤᠯᠪᠠ᠃     ᠰᠢ ᠶᠢᠨ ᠫᠢᠩ ᠮᠠᠺᠧᠰ ᠤᠨ ᠹᠢᠯᠢᠫᠢᠨ ᠤ ᠶᠡᠷᠦᠩᠬᠡᠶᠢᠯᠡᠭᠴᠢ ᠶᠢᠨ ᠲᠤᠰᠢᠶᠠᠯ ᠳᠤ ᠭᠠᠷᠤᠭᠰᠠᠨ ᠤ ᠳᠠᠷᠠᠭ᠎ᠠ ᠠᠩᠬ᠎ᠠ ᠤᠳᠠᠭ᠎ᠠ ᠳᠤᠮᠳᠠᠳᠤ ᠤᠯᠤᠰ ᠲᠤ ᠠᠶᠢᠯᠴᠢᠯᠠᠬᠰᠠᠨ ᠢ ᠪᠠᠶᠠᠷᠯᠠᠨ ᠤᠭᠲᠤᠪᠠ᠃ ᠰᠢ ᠶᠢᠨ ᠫᠢᠩ᠂ ᠡᠨᠡ ᠪᠣᠯ ᠲᠠᠨ ᠤ ᠠᠩᠬ᠎ᠠ ᠤᠳᠠᠭ᠎ᠠ ᠵᠡᠭᠦᠨ ᠡᠮᠦᠨᠡᠲᠦ ᠠᠽᠢᠶ᠎ᠠ ᠶᠢᠨ ᠤᠯᠤᠰ ᠤᠳ ᠤᠨ ᠬᠤᠯᠪᠤᠭ᠎ᠠ‌ᠡᠴᠠ ᠭᠠᠳᠠᠨᠠᠬᠢ ᠤᠯᠤᠰ ᠲᠤ ᠠᠶᠢᠯᠴᠢᠯᠠᠵᠤ ᠪᠠᠶᠢᠭ᠎ᠠ ᠶᠠᠪᠤᠳᠠᠯ ᠪᠣᠯᠣᠨ᠎ᠠ᠂ ᠲᠠ ᠮᠥᠨ ᠴᠤ ᠡᠨᠡ ᠵᠢᠯ ᠤᠨ ᠳᠤᠮᠳᠠᠳᠤ ᠤᠯᠤᠰ ᠤᠨ ᠭᠥᠯᠢᠶᠡᠨ ᠠᠪᠴᠤ ᠵᠣᠴᠢᠯᠠᠭᠰᠠᠨ ᠠᠩᠬᠠᠳᠠᠭᠴᠢ ᠭᠠᠳᠠᠭᠠᠳᠤ ᠤᠯᠤᠰ ᠤᠨ ᠤᠳᠤᠷᠢᠳᠬᠤ ᠬᠥᠮᠥᠨ ᠪᠣᠯᠣᠨ᠎ᠠ᠃ ᠡᠨᠡ ᠨᠢ ᠳᠤᠮᠳᠠᠳᠤ ᠹᠢᠯᠢᠫᠢᠨ ᠤ ᠬᠠᠷᠢᠯᠴᠠᠭ᠎ᠠ ᠶᠢᠨ ᠨᠢᠭᠲᠠ ᠪᠠᠶᠢᠬᠤ ᠬᠡᠮᠵᠢᠶ᠎ᠡ ᠶᠢ ᠭᠦᠢᠴᠡᠳ ᠢᠯᠡᠷᠡᠭᠦᠯᠦᠭᠰᠡᠨ ᠪᠥᠭᠡᠳ ᠬᠤᠶᠠᠷ ᠲᠠᠯ᠎ᠠ ᠪᠠᠷ ᠢᠶᠠᠨ ᠭᠠᠳᠠᠭᠠᠳᠤ ᠬᠠᠷᠢᠯᠴᠠᠭᠠᠨ ᠤ ᠪᠠᠶᠢᠷᠢᠰᠢᠯ ᠳᠤ ᠴᠢᠬᠤᠯᠠ ᠪᠠᠶᠢᠷᠢ ᠶᠢ ᠡᠵᠡᠯᠡᠵᠦ ᠪᠠᠶᠢᠬᠤ ᠶᠢ ᠬᠠᠷᠠᠭᠤᠯᠵᠤ ᠪᠠᠶᠢᠨ᠎ᠠ᠃ ᠳᠤᠮᠳᠠᠳᠤ ᠹᠢᠯᠢᠫᠢᠨ ᠪᠣᠯ ᠬᠥᠷᠰᠢ ᠵᠡᠷᠭᠡᠯᠡᠳᠡᠭᠡ ᠤᠯᠤᠰ ᠶᠤᠮ᠃ ᠬᠤᠶᠠᠷ ᠤᠯᠤᠰ ᠤᠨ ᠮᠢᠩᠭ᠎ᠠ ᠭᠠᠷᠤᠢ ᠵᠢᠯ ᠤᠨ ᠬᠠᠷᠢᠯᠴᠠᠭᠠᠨ ᠤ ᠲᠡᠦᠬᠡᠨ ᠳᠡᠭᠡᠷ᠎ᠡ᠂ ᠦᠨᠡᠨᠴᠢ ᠪᠠᠷ ᠬᠠᠨᠳᠤᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠪᠣᠯ ᠢᠮᠠᠭᠲᠠ ᠳᠤᠮᠳᠠᠳᠤ ᠹᠢᠯᠢᠫᠢᠨ ᠤ ᠬᠠᠷᠢᠯᠴᠠᠭ᠎ᠠ ᠶᠢᠨ ᠭᠤᠣᠯ ᠤᠷᠤᠰᠬᠠᠯ ᠪᠤᠯᠬᠤ ᠪᠥᠭᠡᠳ ᠬᠤᠶᠠᠷ ᠤᠯᠤᠰ ᠤᠨ ᠠᠷᠠᠳ ᠲᠦᠮᠡᠨ ᠤ ᠬᠠᠮᠲᠤ ᠶᠢᠨ ᠡᠷᠬᠢᠮ ᠨᠠᠨᠳᠢᠨ ᠤᠶᠤᠨ ᠰᠠᠨᠠᠭᠠᠨ ᠤ ᠥᠪ ᠬᠥᠷᠥᠩᠭᠡ ᠪᠣᠯᠣᠨ᠎ᠠ᠃ 48 ᠵᠢᠯ ᠤᠨ ᠡᠮᠦᠨ᠎ᠡ᠂ ᠲᠠᠨ ᠤ ᠳᠤᠮᠳᠠᠳᠤ ᠤᠯᠤᠰ ᠤᠨ ᠠᠬᠠᠮᠠᠳ ᠨᠢᠭᠡ ᠦᠶ᠎ᠡ ᠶᠢᠨ ᠤᠳᠤᠷᠢᠳᠬᠤ ᠬᠥᠮᠥᠰ ᠲᠠᠢ ᠬᠠᠮᠲᠤ ᠪᠠᠷ ᠴᠠᠭ ᠤᠨ ᠪᠠᠶᠢᠳᠠᠯ ᠢ ᠨᠡᠪᠲᠡ ᠠᠵᠢᠭᠯᠠᠵᠤ᠂ ᠶᠡᠭᠡ ᠬᠠᠨᠳᠤᠰᠢ ᠶᠢ ᠲᠠᠭᠠᠵᠥ᠂ ᠳᠤᠮᠳᠠᠳᠤ ᠹᠢᠯᠢᠫᠢᠨ ᠬᠠᠷᠢᠯᠴᠠᠭ᠎ᠠ ᠪᠠᠶᠢᠭᠤᠯᠬᠤ ᠲᠡᠦᠬᠡᠲᠦ ᠴᠢᠨᠠᠷᠲᠠᠢ ᠲᠣᠭᠲᠠᠭᠠᠯ ᠭᠠᠷᠭᠠᠪᠠ᠃ ᠡᠭᠦᠨ ᠠᠴᠠ ᠬᠤᠶᠢᠰᠢᠬᠢ ᠬᠠᠭᠠᠰ ᠵᠠᠭᠤᠨ ᠰᠢᠬᠠᠮ ᠤᠨ ᠬᠤᠭᠤᠴᠠᠭᠠᠨ ᠳᠤ᠂ ᠳᠡᠯᠡᠬᠡᠢ ᠶᠢᠨ ᠪᠠᠶᠢᠳᠠᠯ ᠪᠠ ᠹᠢᠯᠢᠫᠢᠨ ᠤ ᠤᠯᠤᠰ ᠤᠨ ᠳᠣᠲᠣᠭᠠᠳᠤ ᠶᠢᠨ ᠤᠯᠤᠰ ᠲᠦᠷᠦ ᠶᠢᠨ ᠪᠠᠶᠢᠳᠠᠯ ᠳᠤ ᠶᠠᠮᠠᠷ ᠬᠤᠪᠢᠷᠠᠯᠲᠠ ᠭᠠᠷᠤᠭᠰᠠᠨ ᠴᠤ᠂ ᠲᠠ ᠪᠣᠯᠣᠨ ᠲᠠᠨ ᠤ ᠭᠡᠷ ᠪᠦᠯᠢ ᠶᠢᠨ ᠬᠢᠨ ᠦᠨᠡᠨ ᠰᠡᠳᠬᠢᠯ ᠠᠴᠠ ᠪᠠᠨ ᠳᠤᠮᠳᠠᠳᠤ ᠹᠢᠯᠢᠫᠢᠨ ᠤ ᠨᠥᠬᠦᠷᠯᠡᠯ ᠢ ᠠᠬᠢᠭᠤᠯᠬᠤ ᠪᠠᠷ ᠵᠣᠷᠢᠭ ᠰᠢᠭᠤᠳᠴᠠᠢ᠂ ᠡᠨᠡ ᠬᠦ ᠨᠥᠬᠦᠷᠯᠡᠯ ᠪᠣᠯ ᠲᠦᠢᠯ ᠤᠨ ᠡᠷᠬᠢᠮ ᠨᠠᠨᠳᠢᠨ ᠶᠤᠮ᠃ ᠲᠠᠨ ᠤ ᠡᠨᠡ ᠤᠳᠠᠭ᠎ᠠ ᠶᠢᠨ ᠳᠤᠮᠳᠠᠳᠤ ᠤᠯᠤᠰ ᠲᠠᠬᠢ ᠠᠶᠢᠯᠴᠢᠯᠠᠯᠲᠠ ᠪᠣᠯ ︽ᠥᠩᠭᠡᠷᠡᠭᠰᠡᠨ ᠢᠶᠠᠨ ᠡᠷᠭᠢᠴᠡᠭᠦᠯᠬᠦ ᠠᠶᠠᠯᠠᠯ︾ ᠪᠤᠯᠬᠤ ᠪᠠᠷ ᠪᠠᠷᠠᠬᠤ ᠦᠭᠡᠢ᠂ ᠨᠡᠩ ᠴᠤ ︽ᠡᠭᠦᠳᠦᠨ ᠨᠡᠭᠡᠭᠡᠯᠲᠡ ᠶᠢᠨ ᠠᠶᠠᠯᠠᠯ︾ ᠪᠤᠯᠬᠤ ᠶᠢ ᠬᠦᠰᠡᠵᠦ ᠪᠠᠶᠢᠨ᠎ᠠ᠃ ᠳᠤᠮᠳᠠᠳᠤ ᠤᠯᠤᠰ ᠢᠮᠠᠭᠲᠠ ᠹᠢᠯᠢᠫᠢᠨ ᠢ ᠡᠷᠭᠢᠨ ᠲᠣᠭᠤᠷᠢᠨ ᠤ ᠭᠠᠳᠠᠭᠠᠳᠤ ᠬᠠᠷᠢᠯᠴᠠᠭᠠᠨ ᠤ ᠪᠠᠨ ᠤᠷᠢᠳ ᠢᠶᠠᠷ ᠪᠣᠳᠣᠯᠬᠢᠯᠠᠬᠤ ᠴᠢᠭᠯᠡᠯ ᠳᠤ ᠲᠠᠯᠪᠢᠵᠤ᠂ ᠪᠠᠶᠢᠯᠳᠤᠬᠤ ᠪᠣᠳᠣᠯᠭ᠎ᠠ ᠪᠠ ᠪᠦᠭᠦ ᠲᠠᠯ᠎ᠠ ᠶᠢᠨ ᠥᠨᠳᠥᠷᠴᠡ ᠠᠴᠠ ᠳᠤᠮᠳᠠᠳᠤ ᠹᠢᠯᠢᠫᠢᠨ ᠤ ᠬᠠᠷᠢᠯᠴᠠᠭ᠎ᠠ ᠳᠤ ᠬᠠᠨᠳᠤᠬᠤ ᠶᠢ ᠪᠠᠷᠢᠮᠲᠠᠯᠠᠨ᠎ᠠ᠃ ᠪᠢ ᠳᠤᠷᠠᠲᠠᠶ᠎ᠠ ᠲᠠᠨ ᠲᠠᠢ ᠪᠠᠶᠢᠩᠭᠤ ᠶᠢᠨ ᠴᠢᠨᠠᠷᠲᠠᠢ ᠪᠠᠶᠢᠯᠳᠤᠬᠤ ᠪᠣᠳᠣᠯᠭ᠎ᠠ ᠶᠢᠨ ᠣᠯᠣᠯᠴᠠᠭ᠎ᠠ ᠪᠠᠨ ᠪᠠᠲᠤᠯᠠᠵᠤ᠂ ᠬᠤᠶᠠᠷ ᠲᠠᠯ᠎ᠠ ᠶᠢᠨ ᠬᠠᠷᠢᠯᠴᠠᠭ᠎ᠠ ᠶᠢᠨ ᠲᠠᠷᠠᠭᠠᠴᠢ ᠶᠢᠨ ᠠᠯᠬᠤᠮ ᠤᠨ ᠬᠥᠭᠵᠢᠯᠲᠡ ᠶᠢ ᠪᠦᠭᠦ ᠲᠠᠯ᠎ᠠ ᠪᠠᠷ ᠲᠥᠯᠥᠪᠵᠢᠭᠦᠯᠵᠦ᠂ ᠬᠠᠷᠢᠯᠴᠠᠨ ᠳᠡᠮᠵᠢᠵᠦ ᠬᠠᠷᠢᠯᠴᠠᠨ ᠬᠠᠪᠰᠤᠷᠤᠯᠴᠠᠬᠤ ᠰᠠᠶᠢᠨ ᠬᠥᠷᠰᠢ᠂ ᠬᠠᠷᠢᠯᠴᠠᠨ ᠮᠡᠳᠡᠯᠴᠡᠵᠦ ᠬᠠᠷᠢᠯᠴᠠᠨ ᠣᠶᠢᠯᠠᠭᠠᠯᠴᠠᠬᠤ ᠰᠠᠶᠢᠨ ᠲᠦᠷᠦᠯ ᠰᠠᠳᠤᠨ᠂ ᠬᠠᠮᠲᠤᠷᠠᠯᠴᠠᠵᠤ ᠬᠠᠮᠲᠤ ᠪᠠᠷ ᠠᠰᠢᠭ ᠭᠦᠷᠳᠡᠭᠦ ᠰᠠᠶᠢᠨ ᠬᠠᠨᠢᠲᠠᠨ ᠪᠣᠯᠵᠤ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠤᠯᠠᠨ ᠪᠤᠶᠠᠨ ᠦᠢᠯᠡᠳᠴᠦ᠂ ᠭᠠᠵᠠᠷ ᠣᠷᠣᠨ ᠤ ᠡᠩᠬᠡ ᠲᠠᠶᠢᠪᠤᠩ ᠲᠣᠭᠲᠠᠭᠤᠨ ᠳᠤ ᠨᠡᠩ ᠤᠯᠠᠨ ᠢᠳᠡᠪᠬᠢ ᠬᠦᠴᠦᠨ ᠨᠡᠮᠡᠷᠢᠯᠡᠨ᠎ᠡ ᠭᠡᠵᠦ ᠵᠢᠭᠠᠵᠤ ᠭᠠᠷᠭᠠᠪᠠ᠃      ᠰᠢ ᠶᠢᠨ ᠫᠢᠩ᠂ ᠳᠤᠮᠳᠠᠳᠤ ᠹᠢᠯᠢᠫᠢᠨ ᠤ ᠤᠯᠤᠰ ᠤᠨ ᠪᠠᠶᠢᠳᠠᠯ ᠠᠳᠠᠯᠢ ᠦᠭᠡᠢ᠂ ᠪᠠᠶᠢᠭᠤᠯᠤᠮᠵᠢ ᠠᠳᠠᠯᠢ ᠪᠤᠰᠤ ᠪᠤᠯᠪᠠᠴᠤ ᠬᠥᠭᠵᠢᠯᠲᠡ ᠶᠢ ᠬᠥᠭᠡᠭᠡᠴᠡᠯᠳᠦᠬᠦ ᠵᠠᠮ ᠳᠡᠭᠡᠷ᠎ᠡ ᠬᠠᠷᠠᠯᠲᠠ ᠠᠳᠠᠯᠢᠪᠲᠤᠷ᠂ ᠠᠷᠭ᠎ᠠ ᠵᠠᠮ ᠬᠠᠷᠢᠯᠴᠠᠨ ᠨᠡᠪᠲᠡᠷᠡᠯᠴᠡᠵᠦ ᠂ ᠬᠠᠮᠲᠤᠷᠠᠯᠴᠠᠭᠠᠨ ᠤ ᠳᠠᠯᠳᠠ ᠬᠦᠴᠦᠨ ᠯᠤᠲᠤ ᠶᠡᠭᠡ ᠪᠠᠶᠢᠨ᠎ᠠ᠃ ᠬᠤᠶᠠᠷ ᠲᠠᠯ᠎ᠠ ᠪᠠᠷ ᠢᠶᠠᠨ ᠬᠤᠶᠠᠷ ᠤᠯᠤᠰ ᠤᠨ ᠵᠠᠰᠠᠭ ᠤᠨ ᠣᠷᠳᠣᠨ ᠤ ᠰᠠᠯᠠᠭ᠎ᠠ ᠮᠥᠴᠢᠷ᠂ ᠬᠠᠤᠯᠢ ᠲᠣᠭᠲᠠᠭᠠᠬᠤ ᠪᠠᠶᠢᠭᠤᠯᠤᠮᠵᠢ᠂ ᠲᠦᠷᠦ ᠶᠢᠨ ᠨᠠᠮ ᠤᠨ ᠬᠤᠭᠤᠷᠣᠨᠳᠣᠭᠢ ᠰᠣᠯᠢᠯᠴᠠᠭ᠎ᠠ ᠪᠠ ᠲᠣᠯᠢ ᠪᠤᠯᠭᠠᠬᠤ ᠪᠠᠨ ᠴᠢᠩᠭᠠᠳᠬᠠᠵᠤ᠂ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢᠨ ᠵᠣᠯᠭᠠᠯᠴᠠᠭ᠎ᠠ ᠪᠠᠨ ᠭᠦᠨᠵᠡᠭᠡᠶᠢᠷᠡᠭᠦᠯᠵᠦ᠂ ᠲᠤᠰ ᠲᠤᠰ ᠤᠨ ᠣᠳᠣᠬᠢᠴᠢᠯᠠᠯᠲᠠ ᠶᠢᠨ ᠠᠬᠢᠴᠠ ᠳᠤᠮᠳᠠ ᠪᠠᠨ ᠠᠭᠤᠰᠤᠯᠴᠠᠨ ᠬᠠᠷᠢᠯᠴᠠᠨ ᠠᠬᠢᠭᠤᠯᠵᠤ᠂ ᠬᠤᠶᠠᠷ ᠤᠯᠤᠰ ᠤᠨ ᠬᠥᠭᠵᠢᠯ ᠴᠡᠴᠡᠭᠯᠡᠯ ᠳᠤ ᠨᠡᠩ ᠰᠠᠶᠢᠲᠤᠷ ᠬᠦᠴᠦᠨ ᠨᠡᠮᠡᠷᠢᠯᠡᠪᠡᠯ ᠵᠣᠬᠢᠨ᠎ᠠ᠃ ᠬᠤᠶᠠᠷ ᠲᠠᠯ᠎ᠠ ᠪᠠᠷ ᠢᠶᠠᠨ ᠲᠠᠷᠢᠶᠠᠯᠠᠩ᠂ ᠰᠠᠭᠤᠷᠢ ᠪᠦᠲᠦᠭᠡᠨ ᠪᠠᠶᠢᠭᠤᠯᠤᠯᠲᠠ᠂ ᠡᠨᠧᠷᠭᠢ᠂ ᠰᠣᠶᠣᠯ ᠢᠷᠭᠡᠨᠰᠢᠯ ᠵᠡᠷᠭᠡ ᠳᠥᠷᠪᠡᠨ ᠶᠡᠭᠡ ᠭᠤᠣᠯᠳᠠᠯᠭ᠎ᠠ ᠲᠠᠢ ᠬᠠᠮᠲᠤᠷᠠᠯᠴᠠᠭᠠᠨ ᠤ ᠬᠦᠷᠢᠶ᠎ᠡ ᠴᠠᠷᠠᠭ᠎ᠠ ᠶᠢ ᠨᠢᠭᠡᠨᠲᠡ ᠲᠣᠭᠲᠠᠭᠠᠪᠠ᠂ ᠡᠨᠡ ᠪᠣᠯ ᠳᠤᠮᠳᠠᠳᠤ ᠹᠢᠯᠢᠫᠢᠨ ᠤ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠲᠤᠷᠠᠯᠴᠠᠭᠠᠨ ᠤ ᠬᠠᠷᠢᠯᠴᠠᠭ᠎ᠠ ᠶᠢ ᠲᠤᠯᠭᠠᠭᠤᠷᠢᠯᠠᠬᠤ ᠨᠢᠷᠤᠭᠤ ᠲᠤᠯᠭᠠᠭᠤᠷᠢ ᠮᠥᠨ᠂ ᠶᠡᠭᠡ ᠬᠦᠴᠦ ᠣᠷᠣᠭᠤᠯᠤᠨ ᠨᠡᠮᠡᠭᠳᠡᠯ ᠤᠨ ᠴᠡᠭ ᠢ ᠪᠤᠶᠢᠵᠢᠭᠤᠯᠵᠤ᠂ ᠰᠢᠨ᠎ᠡ ᠭᠢᠯᠠᠰ ᠴᠡᠭ ᠢ ᠪᠤᠶ ᠪᠣᠯᠭᠠᠶ᠎ᠠ᠃ ᠳᠤᠮᠳᠠᠳᠤ ᠤᠯᠤᠰ ᠶᠠᠭ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠭᠦ ᠲᠠᠯ᠎ᠠ ᠪᠠᠷ ᠠᠬᠢᠭᠤᠯᠵᠤ᠂ ᠬᠥᠳᠡᠭᠡ ᠠᠵᠤ ᠠᠬᠤᠢ ᠶᠢᠨ ᠬᠦᠴᠦᠷᠬᠡᠭ ᠤᠯᠤᠰ ᠢ ᠲᠦᠷᠭᠡᠳᠬᠡᠨ ᠪᠠᠶᠢᠭᠤᠯᠵᠤ ᠪᠠᠶᠢᠨ᠎ᠠ᠂ ᠳᠤᠷᠠᠲᠠᠶ᠎ᠠ ᠹᠢᠯᠢᠫᠢᠨ ᠤ ᠬᠥᠳᠡᠭᠡ ᠠᠵᠤ ᠠᠬᠤᠢ ᠬᠥᠳᠡᠭᠡ ᠲᠣᠰᠬᠤᠨ ᠤ ᠬᠥᠭᠵᠢᠯᠲᠡ ᠳᠤ ᠬᠦᠴᠦᠨ ᠨᠡᠮᠡᠷᠢᠯᠡᠵᠦ᠂ ᠲᠠᠷᠢᠶᠠᠯᠠᠩ ᠤᠨ ᠮᠡᠷᠭᠡᠵᠢᠯ ᠤᠨ ᠲᠥᠪ ᠤᠨ ᠲᠦᠷᠦᠯ ᠲᠡᠮᠳᠡᠭᠲᠦ ᠲᠦᠷᠦᠯ ᠵᠦᠢᠯ ᠢ ᠴᠣᠭᠴᠠᠯᠠᠵᠤ᠂ ᠦᠷ᠎ᠡ ᠪᠤᠶᠢᠵᠢᠭᠤᠯᠬᠤ᠂ ᠦᠢᠯᠡᠳᠪᠦᠷᠢᠯᠡᠬᠦ᠂ ᠡᠳ᠋ᠰᠢᠭᠦᠯᠦᠨ ᠪᠤᠯᠪᠠᠰᠤᠷᠠᠭᠤᠯᠬᠤ᠂ ᠬᠠᠳᠠᠭᠠᠯᠠᠬᠤ ᠪᠦᠭᠦ ᠠᠵᠤ ᠦᠢᠯᠡᠰ ᠤᠨ ᠬᠡᠯᠬᠢᠶ᠎ᠡ ᠶᠢᠨ ᠬᠠᠮᠲᠤᠷᠠᠯᠴᠠᠭ᠎ᠠ ᠶᠢ ᠥᠷᠨᠢᠭᠦᠯᠵᠦ᠂  ᠨᠢᠩ ᠡᠪᠡᠰᠦᠨ ᠤ ᠬᠠᠮᠲᠤᠷᠠᠯᠴᠠᠭ᠎ᠠ ᠶᠢ ᠲᠦᠷᠭᠡᠳᠬᠡᠨ ᠠᠬᠢᠭᠤᠯᠤᠶ᠎ᠠ᠃ ᠰᠠᠭᠤᠷᠢ ᠲᠥᠬᠦᠭᠡᠷᠦᠮᠵᠢ ᠪᠠ ᠬᠤᠯᠪᠣᠯᠳᠤᠨ ᠨᠡᠪᠲᠡᠷᠡᠯᠴᠡᠬᠦ ᠬᠦᠷᠢᠶᠡᠨ ᠤ ᠬᠠᠮᠲᠤᠷᠠᠯᠴᠠᠭ᠎ᠠ ᠶᠢ ᠯᠠᠪᠳᠠᠭᠤᠨ ᠪᠠᠲᠤᠲᠠᠢ ᠠᠬᠢᠭᠤᠯᠵᠤ᠂ ᠭᠤᠣᠯᠳᠠᠯᠭ᠎ᠠ ᠲᠠᠢ ᠲᠥᠷᠥᠯ ᠵᠦᠢᠯ ᠤᠨ ︽ᠬᠠᠲᠠᠭᠤ︾ ᠰᠠᠭᠤᠷᠢ ᠪᠦᠲᠦᠭᠡᠨ ᠪᠠᠶᠢᠭᠤᠯᠤᠯᠲᠠ ᠶᠢᠨ ᠬᠠᠮᠲᠤᠷᠠᠯᠴᠠᠭ᠎ᠠ ᠶᠢ ᠰᠠᠶᠢᠲᠤᠷ ᠨᠠᠶᠢᠳᠠᠪᠤᠷᠢᠵᠢᠭᠤᠯᠵᠤ᠂ ᠴᠠᠭᠢᠯᠭᠠᠨ ᠬᠤᠯᠪᠤᠭ᠎ᠠ᠂ ᠲᠣᠮᠣ ᠳ᠋ᠠᠶᠢᠲ᠋ᠠ᠂ ᠡᠯᠧᠺᠳ᠋ᠷᠣᠨ ᠬᠤᠳᠠᠯᠳᠤᠭᠠᠨ ᠤ ᠶᠠᠪᠤᠳᠠᠯ ᠵᠡᠷᠭᠡ ︽ᠵᠥᠭᠡᠯᠡᠨ︾ ᠰᠠᠭᠤᠷᠢ ᠪᠦᠲᠦᠭᠡᠨ ᠪᠠᠶᠢᠭᠤᠯᠤᠯᠲᠠ ᠶᠢᠨ ᠬᠠᠮᠲᠤᠷᠠᠯᠴᠠᠭ᠎ᠠ ᠶᠢ ᠥᠷᠭᠡᠳᠬᠡᠵᠦ᠂ ᠹᠢᠯᠢᠫᠢᠨ ᠤ ᠠᠵᠤ ᠠᠬᠤᠢ ᠨᠡᠶᠢᠭᠡᠮ ᠤᠨ ᠪᠦᠬᠦᠯᠢ ᠴᠣᠭᠴᠠ ᠶᠢᠨ ᠬᠥᠭᠵᠢᠯᠲᠡ ᠶᠢ ᠳᠠᠶᠢᠴᠢᠯᠠᠨ᠎ᠠ᠃ ᠳᠤᠮᠳᠠᠳᠤ ᠹᠢᠯᠢᠫᠢᠨ ᠤᠯᠠᠮᠵᠢᠯᠠᠯᠲᠤ ᠴᠢᠯᠠᠭᠤᠨ ᠲᠣᠰᠣ ᠰᠢᠲᠠᠮᠠᠬᠠᠢ ᠬᠡᠢ ᠶᠢᠨ ᠡᠨᠧᠷᠭᠢ ᠪᠣᠯᠣᠨ ᠴᠡᠪᠡᠷ ᠡᠨᠧᠷᠭᠢ ᠶᠢᠨ ᠲᠠᠯ᠎ᠠ ᠪᠠᠷ ᠬᠠᠮᠲᠤᠷᠠᠯᠴᠠᠭ᠎ᠠ ᠥᠷᠨᠢᠭᠦᠯᠬᠦ ᠨᠢ ᠬᠠᠷᠢᠯᠴᠠᠨ ᠨᠥᠬᠦᠪᠦᠷᠢᠯᠡᠬᠦ ᠳᠠᠪᠠᠭᠤᠯᠢᠭ ᠲᠠᠢ ᠶᠤᠮ᠃ ᠳᠤᠮᠳᠠᠳᠤ ᠤᠯᠤᠰ ᠳᠤᠷᠠᠲᠠᠶ᠎ᠠ ᠹᠢᠯᠢᠫᠢᠨ ᠤ ᠬᠢᠨ ᠲᠠᠢ ᠦᠷᠭᠦᠯᠵᠢᠯᠡᠨ ᠨᠥᠭᠦᠷᠰᠡᠭ ᠢᠶᠠᠷ ᠵᠥᠪᠳᠡᠯᠴᠡᠬᠦ ᠭᠡᠯᠪᠡᠷᠢ ᠪᠠᠷ ᠳᠠᠯᠠᠢ ᠳᠡᠭᠡᠷᠡᠬᠢ ᠠᠰᠠᠭᠤᠳᠠᠯ ᠢ ᠵᠣᠬᠢᠰᠲᠠᠢ ᠰᠢᠢᠳᠪᠦᠷᠢᠯᠡᠵᠦ᠂ ᠴᠢᠯᠠᠭᠤᠨ ᠲᠣᠰᠣ ᠪᠠᠶᠢᠭᠠᠯᠢ ᠶᠢᠨ ᠰᠢᠲᠠᠮᠠᠬᠠᠢ ᠬᠡᠢ ᠶᠢ ᠨᠡᠭᠡᠭᠡᠨ ᠠᠰᠢᠭᠯᠠᠬᠤ ᠬᠡᠯᠡᠯᠴᠡᠭᠡ ᠶᠢ ᠳᠠᠭᠢᠨ ᠡᠬᠢᠯᠡᠭᠦᠯᠵᠦ᠂ ᠮᠠᠷᠭᠤᠭᠠᠨ ᠦᠭᠡᠢ ᠣᠷᠣᠨ ᠤ ᠴᠢᠯᠠᠭᠤᠨ ᠲᠣᠰᠣ ᠪᠠᠶᠢᠭᠠᠯᠢ ᠶᠢᠨ ᠰᠢᠲᠠᠮᠠᠬᠠᠢ ᠬᠡᠢ ᠶᠢ ᠨᠡᠭᠡᠭᠡᠨ ᠠᠰᠢᠭᠯᠠᠬᠤ ᠬᠠᠮᠲᠤᠷᠠᠯᠴᠠᠭ᠎ᠠ ᠶᠢ ᠠᠬᠢᠭᠤᠯᠵᠤ᠂ ᠭᠡᠷᠡᠯᠴᠢ ᠴᠡᠨᠡᠭ᠂ ᠰᠠᠯᠬᠢᠨ ᠡᠨᠧᠷᠭᠢ᠂ ᠰᠢᠨ᠎ᠡ ᠡᠨᠧᠷᠭᠢ ᠶᠢᠨ ᠮᠠᠰᠢᠨ ᠲᠡᠷᠭᠡ ᠵᠡᠷᠭᠡ ᠪᠣᠬᠢᠷᠳᠤᠯ ᠦᠭᠡᠢ ᠡᠨᠧᠷᠭᠢ ᠶᠢᠨ ᠬᠠᠮᠲᠤᠷᠠᠯᠴᠠᠭ᠎ᠠ ᠶᠢ ᠥᠷᠨᠢᠭᠦᠯᠦᠨ᠎ᠡ᠃ ᠳᠤᠮᠳᠠᠳᠤ ᠤᠯᠤᠰ ᠳᠤᠷᠠᠲᠠᠶ᠎ᠠ ᠹᠢᠯᠢᠫᠢᠨ ᠤ ᠴᠢᠨᠠᠷ ᠰᠠᠶᠢᠲᠠᠢ ᠲᠠᠷᠢᠶᠠᠯᠠᠩ ᠵᠢᠭᠠᠰᠤᠨ ᠤ ᠪᠦᠲᠦᠭᠡᠭᠳᠡᠬᠦᠨ ᠢ ᠣᠷᠣᠭᠤᠯᠬᠤ ᠪᠠᠨ ᠦᠷᠭᠦᠯᠵᠢᠯᠡᠨ ᠥᠷᠭᠡᠳᠬᠡᠵᠦ᠂ ᠳᠤᠮᠳᠠᠳᠤ ᠤᠯᠤᠰ ᠤᠨ ᠠᠵᠤ ᠠᠬᠤᠶᠢᠯᠠᠯ ᠤᠨ ᠹᠢᠯᠢᠫᠢᠨ ᠳᠤ ᠬᠦᠷᠴᠦ ᠪᠡᠯᠡ ᠣᠷᠣᠭᠤᠯᠤᠨ ᠠᠵᠢᠯ ᠦᠢᠯᠡᠰ ᠢᠶᠠᠨ ᠬᠥᠭᠵᠢᠭᠦᠯᠬᠦ ᠶᠢ ᠳᠡᠮᠵᠢᠨ᠎ᠠ᠃ ᠬᠤᠶᠠᠷ ᠲᠠᠯ᠎ᠠ ᠪᠠᠷ ᠢᠶᠠᠨ ᠰᠣᠶᠣᠯ ᠢᠷᠭᠡᠨᠰᠢᠯ ᠤᠨ ᠰᠣᠯᠢᠯᠴᠠᠭ᠎ᠠ ᠪᠠᠨ ᠪᠦᠭᠦ ᠲᠠᠯ᠎ᠠ ᠪᠠᠷ ᠭᠦᠨᠵᠡᠭᠡᠶᠢᠷᠡᠭᠦᠯᠵᠦ᠂ ᠰᠠᠭᠤᠷᠢ ᠰᠤᠷᠭᠠᠨ ᠬᠥᠮᠦᠵᠢᠯ᠂ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠬᠠᠮᠲᠤᠷᠠᠯᠴᠠᠭ᠎ᠠ ᠶᠢ ᠥᠷᠭᠡᠳᠬᠡᠵᠦ᠂ ᠴᠠᠭ ᠠᠭᠤᠷ᠂ ᠰᠠᠨᠰᠠᠷ ᠤᠨ ᠠᠶᠠᠯᠠᠯ ᠵᠡᠷᠭᠡ ᠬᠦᠷᠢᠶᠡᠨ ᠤ ᠰᠢᠨ᠎ᠡ ᠶᠢ ᠡᠭᠦᠳᠭᠦ ᠬᠠᠮᠲᠤᠷᠠᠯᠴᠠᠭ᠎ᠠ ᠶᠢ ᠬᠠᠶᠢᠨ ᠰᠦᠪᠡᠭᠴᠢᠯᠡᠶ᠎ᠡ᠃ ᠳᠤᠮᠳᠠᠳᠤ ᠤᠯᠤᠰ ᠳᠤᠷᠠᠲᠠᠶ᠎ᠠ ᠹᠢᠯᠢᠫᠢᠨ ᠤ ᠬᠢᠨ ᠲᠠᠢ ᠸᠠᠺᠼᠢᠨ ᠰᠤᠳᠤᠯᠤᠨ ᠨᠡᠭᠡᠭᠡᠬᠦ ᠬᠠᠮᠲᠤᠷᠠᠯᠴᠠᠭ᠎ᠠ ᠪᠠᠨ ᠦᠷᠭᠦᠯᠵᠢᠯᠡᠨ ᠥᠷᠨᠢᠭᠦᠯᠵᠦ᠂ ᠲᠣᠰ ᠲᠣᠰ ᠤᠨ ᠣᠷᠣᠨ ᠨᠤᠲᠤᠭ ᠤᠨ ᠢᠶᠠᠨ ᠠᠵᠤ ᠦᠢᠯᠡᠰ ᠤᠨ ᠳᠠᠪᠠᠭᠤᠯᠢᠭ ᠲᠠᠢ ᠤᠶᠠᠯᠳᠤᠭᠤᠯᠤᠨ᠂ ᠬᠤᠶᠠᠷ ᠤᠯᠤᠰ ᠤᠨ ᠮᠤᠵᠢ ᠬᠤᠲᠠ ᠣᠷᠣᠨ ᠰᠢᠶᠠᠨ ᠤ ᠬᠠᠷᠢᠯᠴᠠᠨ ᠬᠠᠪᠰᠤᠷᠤᠯᠴᠠᠵᠤ ᠬᠠᠮᠲᠤᠷᠠᠯᠴᠠᠬᠤ ᠰᠢᠨ᠎ᠡ ᠵᠠᠭᠪᠤᠷ ᠢ ᠪᠠᠶᠢᠭᠤᠯᠤᠨ᠎ᠠ᠃ ᠳᠤᠮᠳᠠᠳᠤ ᠤᠯᠤᠰ ᠬᠢᠵᠢᠭ ᠢ ᠰᠡᠷᠭᠡᠶᠢᠯᠡᠬᠦ ᠠᠷᠭ᠎ᠠ ᠬᠡᠮᠵᠢᠶ᠎ᠡ ᠪᠠᠨ ᠰᠠᠨᠠᠭᠠᠴᠢᠯᠠᠭ᠎ᠠ ᠠᠴᠠ ᠪᠠᠨ ᠰᠢᠯᠢᠳᠡᠭᠵᠢᠭᠦᠯᠦᠨ ᠲᠣᠬᠢᠷᠠᠭᠤᠯᠵᠤ᠂ ᠬᠢᠵᠢᠭ ᠢ ᠰᠡᠷᠭᠡᠶᠢᠯᠡᠨ ᠬᠤᠷᠢᠭᠯᠠᠬᠤ ᠪᠠ ᠠᠵᠤ ᠠᠬᠤᠢ ᠨᠡᠶᠢᠭᠡᠮ ᠤᠨ ᠬᠥᠭᠵᠢᠯᠲᠡ ᠶᠢ ᠨᠠᠩ ᠰᠢᠨᠵᠢᠯᠡᠬᠦ ᠤᠬᠠᠭᠠᠨᠴᠢ ᠪᠠᠷ ᠨᠢᠭᠡᠳᠦᠯᠲᠡᠢ ᠲᠥᠯᠥᠪᠵᠢᠭᠦᠯᠵᠦ ᠪᠠᠶᠢᠨ᠎ᠠ᠂ ᠤᠳᠠᠯ ᠦᠭᠡᠢ ᠬᠤᠶᠠᠷ ᠤᠯᠤᠰ ᠤᠨ ᠠᠷᠠᠳ ᠲᠦᠮᠡᠨ ᠪᠠᠰᠠ ᠬᠢᠵᠢᠭ ᠤᠨ ᠪᠠᠶᠢᠳᠠᠯ ᠤᠨ ᠡᠮᠦᠨᠡᠬᠢ ᠲᠡᠷᠡ ᠬᠦ ᠨᠢᠭᠲᠠ ᠰᠣᠯᠢᠯᠴᠠᠭ᠎ᠠ ᠶᠠᠪᠤᠯᠴᠠᠭ᠎ᠠ ᠪᠠᠨ ᠰᠡᠷᠭᠦᠭᠡᠵᠦ ᠳᠡᠶᠢᠯᠭᠦ ᠶᠢ ᠢᠲᠡᠭᠡᠵᠦ ᠪᠠᠶᠢᠨ᠎ᠠ ᠭᠡᠵᠦ ᠴᠢᠬᠤᠯᠠᠴᠢᠯᠠᠪᠠ᠃      ᠰᠢ ᠶᠢᠨ ᠫᠢᠩ᠂ ᠳᠤᠮᠳᠠᠳᠤ ᠹᠢᠯᠢᠫᠢᠨ ᠪᠦᠷ ᠠᠽᠢᠶ᠎ᠠ ᠲᠢᠪ ᠤᠨ ᠬᠥᠭᠵᠢᠵᠦ ᠪᠠᠶᠢᠭ᠎ᠠ ᠤᠯᠤᠰ ᠪᠣᠯᠣᠨ᠎ᠠ᠂ ᠪᠢᠳᠡᠨ ᠤ ᠬᠥᠭᠵᠢᠯᠲᠡ ᠡᠶᠡᠯᠳᠡᠭ ᠬᠥᠷᠰᠢ ᠶᠢᠨ ᠨᠥᠭᠦᠷᠰᠡᠭ ᠡᠷᠭᠢᠨ ᠲᠣᠭᠤᠷᠢᠨ ᠤ ᠣᠷᠴᠢᠨ ᠳᠤ ᠦᠨᠳᠦᠰᠦᠯᠡᠵᠦ᠂ ᠬᠠᠮᠲᠤᠷᠠᠯᠴᠠᠵᠤ ᠬᠠᠮᠲᠤ ᠪᠠᠷ ᠠᠰᠢᠭ ᠭᠦᠷᠳᠡᠭᠦ ᠠᠽᠢᠶ᠎ᠠ ᠲᠢᠪ ᠤᠨ ᠶᠡᠭᠡ ᠭᠡᠷ ᠪᠦᠯᠢ ᠳᠤ ᠦᠨᠳᠦᠰᠦᠯᠡᠭᠰᠡᠨ ᠶᠤᠮ᠃ ᠳᠤᠮᠳᠠᠳᠤ ᠤᠯᠤᠰ ᠳᠤᠷᠠᠲᠠᠶ᠎ᠠ ᠹᠢᠯᠢᠫᠢᠨ ᠵᠢᠴᠢ ᠵᠡᠭᠦᠨ ᠡᠮᠦᠨᠡᠲᠦ ᠠᠽᠢᠶ᠎ᠠ ᠶᠢᠨ ᠤᠯᠤᠰ ᠤᠳ ᠤᠨ ᠬᠤᠯᠪᠤᠭ᠎ᠠ ᠶᠢᠨ ᠪᠤᠰᠤᠳ ᠤᠯᠤᠰ ᠯᠤᠭ᠎ᠠ ᠬᠠᠮᠲᠤᠷᠠᠯᠴᠠᠭ᠎ᠠ ᠪᠣᠯᠣᠨ ᠬᠥᠭᠵᠢᠯᠲᠡ ᠳᠤ ᠠᠩᠬᠠᠷᠤᠯ ᠢᠶᠠᠨ ᠲᠥᠪᠯᠡᠷᠡᠭᠦᠯᠵᠦ᠂ ᠵᠡᠭᠦᠨ ᠡᠮᠦᠨᠡᠲᠦ ᠠᠽᠢᠶ᠎ᠠ ᠶᠢᠨ ᠤᠯᠤᠰ ᠤᠳ ᠤᠨ ᠬᠤᠯᠪᠤᠭ᠎ᠠ ᠶᠢᠨ ᠣᠷᠣᠨ ᠪᠦᠰᠡ ᠶᠢᠨ ᠬᠠᠮᠲᠤᠷᠠᠯᠴᠠᠭ᠎ᠠ ᠳᠠᠬᠢ ᠭᠤᠣᠯᠯᠠᠭᠴᠢ ᠪᠠᠶᠢᠷᠢ ᠰᠠᠭᠤᠷᠢ ᠶᠢ ᠰᠠᠶᠢᠲᠤᠷ ᠬᠠᠮᠠᠭᠠᠯᠠᠵᠤ᠂ ︽ᠲᠠᠪᠤᠨ ᠶᠡᠭᠡ ᠭᠡᠷ ᠣᠷᠣᠨ︾ ᠤ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠲᠤᠰ ᠭᠠᠵᠠᠷ ᠣᠷᠣᠨ ᠤ ᠬᠦᠢᠲᠡᠨ ᠲᠠᠶᠢᠨ ᠤ ᠪᠠᠷᠠᠭᠠᠨ ᠰᠡᠭᠦᠳᠡᠷ ᠠᠴᠠ ᠮᠤᠯᠲᠤᠷᠠᠵᠤ᠂ ᠯᠡᠭᠧᠷ ᠤᠨ ᠡᠰᠡᠷᠭᠦᠴᠡᠯᠳᠦᠯ ᠠᠴᠠ ᠵᠠᠶᠢᠯᠠᠰᠬᠢᠵᠦ᠂ ᠦᠷᠭᠦᠯᠵᠢᠯᠡᠨ ᠬᠥᠭᠵᠢᠨ ᠴᠡᠴᠡᠭᠯᠡᠬᠦ ᠥᠨᠳᠦᠷᠯᠢᠭ ᠪᠤᠯᠬᠤ ᠶᠢ ᠠᠬᠢᠭᠤᠯᠤᠨ᠎ᠠ᠃ ᠳᠤᠮᠳᠠᠳᠤ ᠤᠯᠤᠰ ᠹᠢᠯᠢᠫᠢᠨ ᠤ ᠬᠢᠨ ᠤ ᠪᠦᠭᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ ᠪᠣᠯᠣᠨ ᠪᠦᠭᠦ ᠪᠥᠮᠪᠥᠷᠴᠡᠭ ᠤᠨ ᠠᠮᠤᠷ ᠲᠦᠪᠰᠢᠨ ᠤ ᠰᠠᠨᠠᠭᠠᠴᠢᠯᠠᠭ᠎ᠠ ᠶᠢ ᠳᠡᠮᠵᠢᠵᠦ ᠪᠠᠶᠢᠬᠤ ᠶᠢ ᠮᠠᠭᠲᠠᠨ ᠰᠠᠶᠢᠰᠢᠶᠠᠵᠤ᠂ ᠳᠤᠷᠠᠲᠠᠶ᠎ᠠ ᠹᠢᠯᠢᠫᠢᠨ ᠤ ᠬᠢᠨ ᠲᠠᠢ ᠬᠠᠮᠲᠤ ᠪᠠᠷ᠂ ᠬᠠᠷᠢᠯᠴᠠᠨ ᠳᠡᠮᠵᠢᠭᠦ ᠪᠠᠨ ᠴᠢᠩᠭᠠᠳᠬᠠᠵᠤ᠂ ᠬᠤᠶᠠᠷ ᠤᠯᠤᠰ ᠪᠣᠯᠣᠨ ᠬᠥᠭᠵᠢᠵᠦ ᠪᠠᠶᠢᠭ᠎ᠠ ᠤᠯᠤᠰ ᠤᠳ ᠤᠨ ᠬᠠᠮᠲᠤ ᠶᠢᠨ ᠠᠰᠢᠭ ᠲᠤᠰᠠ ᠶᠢ ᠬᠠᠮᠠᠭᠠᠯᠠᠵᠤ᠂ ᠪᠦᠭᠦ ᠬᠥᠮᠥᠨ ᠲᠥᠷᠥᠯᠬᠢᠲᠡᠨ ᠤ ᠬᠠᠮᠲᠤ ᠶᠢᠨ ᠦᠷᠳᠡᠭ ᠢ ᠪᠠᠳᠠᠷᠠᠭᠤᠯᠵᠤ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢᠨ ᠪᠠᠶᠢᠭᠤᠯᠤᠯᠲᠠ ᠶᠢ ᠠᠬᠢᠭᠤᠯᠵᠤ᠂ ᠭᠠᠵᠠᠷ ᠣᠷᠣᠨ ᠪᠣᠯᠣᠨ ᠪᠦᠭᠦ ᠪᠥᠮᠪᠥᠷᠴᠡᠭ ᠤᠨ ᠵᠠᠰᠠᠯᠲᠠ ᠶᠢ ᠲᠡᠭᠦᠯᠳᠡᠷᠵᠢᠭᠦᠯᠬᠦ ᠳᠤ ᠢᠳᠡᠪᠬᠢᠲᠡᠢ ᠬᠤᠪᠢ ᠨᠡᠮᠡᠷᠢ ᠦᠵᠡᠭᠦᠯᠦᠨ᠎ᠡ ᠭᠡᠵᠦ ᠴᠢᠬᠤᠯᠠᠴᠢᠯᠠᠪᠠ᠃      ᠮᠠᠺᠧᠰ᠂ ᠬᠦᠰᠡᠭᠰᠡᠭᠡᠷ ᠢᠷᠡᠭᠰᠡᠨ ᠳᠤᠮᠳᠠᠳᠤ ᠤᠯᠤᠰ ᠲᠠᠬᠢ ᠠᠶᠢᠯᠴᠢᠯᠠᠯᠲᠠ ᠪᠡᠶᠡᠯᠡᠭᠳᠡᠭᠰᠡᠨ ᠳᠤ ᠮᠠᠰᠢ ᠪᠠᠶᠠᠷ ᠲᠠᠢ ᠪᠠᠶᠢᠨ᠎ᠠ᠂ ᠡᠨᠡ ᠪᠣᠯ ᠮᠢᠨᠤ ᠠᠩᠬ᠎ᠠ ᠤᠳᠠᠭ᠎ᠠ ᠵᠡᠭᠦᠨ ᠡᠮᠦᠨᠡᠲᠦ ᠠᠽᠢᠶ᠎ᠠ ᠶᠢᠨ ᠤᠯᠤᠰ ᠤᠳ ᠤᠨ ᠬᠤᠯᠪᠤᠭ᠎ᠠ ᠠᠴᠠ ᠭᠠᠳᠠᠨᠠᠬᠢ ᠤᠯᠤᠰ ᠲᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠵᠦ ᠪᠠᠶᠢᠭ᠎ᠠ ᠶᠠᠪᠤᠳᠠᠯ ᠪᠣᠯᠣᠨ᠎ᠠ᠂ ᠪᠢ ᠡᠨᠡ ᠤᠳᠠᠭ᠎ᠠ ᠶᠢᠨ ᠠᠶᠢᠯᠴᠢᠯᠠᠯᠲᠠ ᠪᠠᠷ ᠳᠠᠮᠵᠢᠨ ᠹᠢᠯᠢᠫᠢᠨ ᠳᠤᠮᠳᠠᠳᠤ ᠶᠢᠨ ᠬᠠᠷᠢᠯᠴᠠᠭ᠎ᠠ ᠮᠠᠰᠢ ᠰᠠᠶᠢᠨ ᠪᠥᠭᠡᠳ ᠮᠠᠰᠢ ᠴᠢᠬᠤᠯᠠ ᠭᠡᠳᠡᠭ ᠢ  ᠳᠡᠯᠡᠬᠡᠢ ᠳ᠋ᠠᠬᠢᠨ ᠳᠤ ᠭᠡᠷᠡᠴᠢᠯᠡᠬᠦ ᠶᠢ ᠬᠦᠰᠡᠵᠦ ᠪᠠᠶᠢᠨ᠎ᠠ᠂ ᠬᠤᠶᠠᠷ ᠲᠠᠯ᠎ᠠ ᠪᠠᠷ ᠢᠶᠠᠨ ᠴᠥᠮ ᠬᠤᠶᠠᠷ ᠲᠠᠯ᠎ᠠ ᠶᠢᠨ ᠬᠠᠷᠢᠯᠴᠠᠭ᠎ᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠪᠦᠷ ᠹᠢᠯᠢᠫᠢᠨ ᠳᠤᠮᠳᠠᠳᠤ ᠶᠢᠨ ᠬᠠᠷᠢᠯᠴᠠᠭ᠎ᠠ ᠶᠢ ᠰᠢᠨ᠎ᠡ ᠥᠨᠳᠥᠷᠴᠡ ᠳᠤ ᠭᠦᠷᠭᠡᠭᠦ ᠪᠠᠷ ᠴᠢᠷᠮᠠᠶᠢᠵᠤ ᠪᠠᠶᠢᠨ᠎ᠠ᠃ ᠹᠢᠯᠢᠫᠢᠨ ᠳᠤᠮᠳᠠᠳᠤ ᠭᠠᠳᠠᠭᠠᠳᠤ ᠬᠠᠷᠢᠯᠴᠠᠭ᠎ᠠ ᠪᠠᠶᠢᠭᠤᠯᠤᠭᠰᠠᠨ ᠨᠢ ᠬᠡᠳᠦ᠋ᠢᠪᠡᠷ 48 ᠵᠢᠯ ᠯᠡ ᠪᠣᠯᠵᠤ ᠪᠠᠶᠢᠭ᠎ᠠ ᠪᠤᠯᠪᠠᠴᠤ ᠬᠤᠶᠠᠷ ᠤᠯᠤᠰ ᠤᠨ ᠠᠷᠠᠳ ᠲᠦᠮᠡᠨ ᠤ ᠨᠥᠬᠦᠷᠯᠡᠯ ᠨᠢᠭᠡᠨᠲᠡ ᠮᠢᠩᠭᠠᠨ ᠣᠨ ᠢ ᠰᠤᠨᠳᠠᠯᠠᠭᠰᠠᠨ ᠪᠠᠶᠢᠨ᠎ᠠ᠃ ᠪᠢ ᠲᠤᠬᠠᠢ ᠶᠢᠨ ᠵᠢᠯ ᠳᠤ ᠹᠢᠯᠢᠫᠢᠨ ᠳᠤᠮᠳᠠᠳᠤ ᠶᠢᠨ ᠬᠠᠷᠢᠯᠴᠠᠭ᠎ᠠ ᠪᠠᠶᠢᠭᠤᠯᠤᠭᠰᠠᠨ ᠲᠡᠦᠬᠡ ᠳᠤ ᠣᠷᠣᠯᠴᠠᠬᠰᠠᠨ ᠳᠠᠭᠠᠨ ᠮᠠᠰᠢ ᠠᠵᠠ ᠲᠠᠢ ᠪᠠᠶᠢᠨ᠎ᠠ᠂ ᠥᠨᠥᠳᠥᠷ ᠪᠢ ᠹᠢᠯᠢᠫᠢᠨ ᠳᠤᠮᠳᠠᠳᠤ ᠶᠢᠨ ᠤᠯᠠᠮᠵᠢᠯᠠᠯᠲᠤ ᠨᠥᠬᠦᠷᠯᠡᠯ ᠢ ᠦᠷᠭᠦᠯᠵᠢᠯᠡᠨ ᠠᠬᠢᠭᠤᠯᠬᠤ ᠴᠢᠬᠤᠯᠠ ᠬᠠᠷᠢᠭᠤᠴᠠᠯᠭ᠎ᠠ ᠶᠢ ᠡᠭᠦᠷᠭᠡᠯᠡᠬᠦ ᠪᠣᠯᠣᠨ᠎ᠠ᠃ ᠪᠢ ᠲᠡᠷᠢᠭᠦᠯᠡᠭᠴᠢ ᠰᠢ ᠶᠢᠨ ᠫᠢᠩ ᠲᠠᠢ ᠨᠢᠭᠲᠠ ᠣᠯᠣᠯᠴᠠᠭ᠎ᠠ ᠪᠠᠨ ᠪᠠᠲᠤᠯᠠᠵᠤ᠂ ᠬᠠᠮᠲᠤᠷᠠᠯᠴᠠᠭ᠎ᠠ ᠪᠠᠨ ᠪᠦᠭᠦ ᠲᠠᠯ᠎ᠠ ᠪᠠᠷ ᠴᠢᠩᠭᠠᠳᠬᠠᠵᠤ᠂ ᠹᠢᠯᠢᠫᠢᠨ ᠳᠤᠮᠳᠠᠳᠤ ᠶᠢᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠲᠤᠷᠠᠯᠴᠠᠭᠠᠨ ᠤ ᠬᠠᠷᠢᠯᠴᠠᠭ᠎ᠠ ᠶᠢᠨ ᠰᠢᠨ᠎ᠡ ᠬᠠᠭᠤᠳᠠᠰᠤ ᠶᠢ ᠨᠡᠭᠡᠭᠡᠵᠦ᠂ ᠬᠤᠶᠠᠷ ᠤᠯᠤᠰ ᠲᠤ ᠲᠤᠯᠭᠠᠷᠠᠵᠤ ᠪᠠᠶᠢᠭ᠎ᠠ ᠥᠷᠢᠰᠦᠯᠳᠦᠭᠡᠨ ᠪᠣᠯᠣᠨ ᠠᠰᠠᠭᠤᠳᠠᠯ ᠢ ᠨᠡᠩ ᠰᠠᠶᠢᠲᠤᠷ ᠬᠠᠮᠲᠤᠷᠠᠯᠴᠠᠨ ᠰᠢᠢᠳᠪᠦᠷᠢᠯᠡᠵᠦ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠰᠠᠶᠢᠲᠤᠷ ᠪᠤᠶᠠᠨ ᠦᠢᠯᠡᠳᠴᠦ᠂ ᠪᠠᠰᠠ ᠲᠤᠰ ᠭᠠᠵᠠᠷ ᠣᠷᠣᠨ ᠤ ᠳᠡᠯᠡᠬᠡᠢ ᠶᠢᠨ ᠠᠵᠤ ᠠᠬᠤᠢ ᠶᠢᠨ ᠴᠢᠬᠤᠯᠠ ᠬᠥᠳᠡᠯᠭᠡᠭᠦᠷ ᠪᠤᠯᠬᠤ ᠶᠢ ᠠᠬᠢᠭᠤᠯᠬᠤ ᠳᠤ ᠰᠢᠨ᠎ᠡ ᠬᠤᠪᠢ ᠨᠡᠮᠡᠷᠢ ᠦᠵᠡᠭᠦᠯᠭᠦ ᠶᠢ ᠬᠦᠰᠡᠵᠦ ᠪᠠᠶᠢᠨ᠎ᠠ᠃ ᠹᠢᠯᠢᠫᠢᠨ ᠤ ᠬᠢᠨ ᠳᠤᠷᠠᠲᠠᠶ᠎ᠠ ᠳᠤᠮᠳᠠᠳᠤ ᠤᠯᠤᠰ ᠯᠤᠭ᠎ᠠ ᠲᠠᠯᠳᠠ ᠬᠦᠴᠦᠨ ᠢᠶᠠᠨ ᠠᠭᠤᠳᠠᠯᠵᠤ᠂ ᠬᠤᠶᠠᠷ ᠤᠯᠤᠰ ᠤᠨ ᠬᠠᠷᠢᠯᠴᠠᠭᠠᠨ ᠤ ᠠᠭᠤᠯᠤᠭᠳᠠᠬᠤᠨ ᠢ ᠦᠷᠭᠦᠯᠵᠢᠯᠡᠨ ᠪᠠᠶᠠᠯᠢᠭᠵᠢᠭᠤᠯᠵᠤ᠂ ᠬᠥᠳᠡᠭᠡ ᠠᠵᠤ ᠠᠬᠤᠢ᠂ ᠦᠨᠳᠦᠰᠦᠨ ᠪᠦᠲᠦᠭᠡᠨ ᠪᠠᠶᠢᠭᠤᠯᠤᠯᠲᠠ᠂ ᠡᠨᠧᠷᠭᠢ᠂ ᠰᠣᠶᠣᠯ ᠢᠷᠭᠡᠨᠰᠢᠯ᠂ ᠠᠷᠠᠯᠵᠢᠶ᠎ᠠ᠂ ᠪᠡᠯᠡ ᠣᠷᠣᠭᠤᠯᠤᠯᠲᠠ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠂ ᠲᠣᠭᠠᠴᠢᠯᠠᠭᠰᠠᠨ ᠠᠵᠤ ᠠᠬᠤᠢ ᠵᠡᠷᠭᠡ ᠬᠦᠷᠢᠶᠡᠨ ᠤ ᠬᠠᠮᠲᠤᠷᠠᠯᠴᠠᠭ᠎ᠠ ᠪᠠᠨ ᠭᠦᠨᠵᠡᠭᠡᠶᠢᠷᠡᠭᠦᠯᠦᠨ᠎ᠡ᠃ ᠥᠨᠥᠳᠥᠷ ᠤᠨ ᠪᠢᠳᠡᠨ ᠤ ᠭᠠᠷ ᠤᠨ ᠦᠰᠦᠭ ᠵᠢᠷᠤᠵᠤ ᠬᠠᠮᠲᠤ ᠪᠠᠷ ᠭᠡᠷᠡᠴᠢᠯᠡᠭᠰᠡᠨ ᠤᠯᠠᠨ ᠬᠤᠪᠢ ᠬᠠᠮᠲᠤᠷᠠᠯᠴᠠᠭᠠᠨ ᠤ ᠪᠢᠴᠢᠭ ᠮᠠᠲ᠋ᠧᠷᠢᠶᠠᠯ ᠨᠢ ᠹᠢᠯᠢᠫᠢᠨ ᠤ ᠤᠯᠤᠰ ᠤᠨ ᠠᠵᠤ ᠠᠬᠤᠢ ᠶᠢᠨ ᠬᠥᠭᠵᠢᠯᠲᠡ ᠳᠤ ᠲᠦᠢᠯ ᠤᠨ ᠶᠡᠭᠡ ᠬᠦᠴᠦᠨ ᠨᠡᠮᠡᠷᠢᠯᠡᠬᠦ ᠶᠢ ᠢᠲᠡᠭᠡᠵᠦ ᠪᠠᠶᠢᠨ᠎ᠠ᠃ ᠳᠤᠮᠳᠠᠳᠤ ᠤᠯᠤᠰ ᠪᠣᠯ ᠹᠢᠯᠢᠫᠢᠨ ᠤ ᠬᠠᠮᠤᠭ ᠤᠨ ᠬᠦᠴᠦᠷᠬᠡᠭ ᠬᠠᠮᠲᠤᠷᠠᠯᠴᠠᠭᠠᠨ ᠤ ᠬᠠᠨᠢᠲᠠᠨ ᠮᠥᠨ᠂ ᠹᠢᠯᠢᠫᠢᠨ ᠳᠤᠮᠳᠠᠳᠤ ᠶᠢᠨ ᠨᠥᠬᠦᠷᠯᠡᠯ ᠤᠨ ᠦᠷᠭᠦᠯᠵᠢᠯᠡᠬᠦ ᠪᠠ ᠭᠦᠭᠵᠢᠭᠦ ᠶᠢ ᠬᠤᠷᠢᠭᠯᠠᠵᠤ ᠳᠡᠶᠢᠯᠭᠦ ᠶᠠᠭᠤᠮ᠎ᠠ ᠭᠡᠵᠦ ᠦᠭᠡᠢ ᠶᠤᠮ᠃ ᠹᠢᠯᠢᠫᠢᠨ ᠤ ᠬᠢᠨ ᠨᠢᠭᠡ ᠳᠤᠮᠳᠠᠳᠤ ᠤᠯᠤᠰ ᠪᠠᠶᠢᠬᠤ ᠲᠦᠷᠦ ᠶᠢᠨ ᠪᠣᠳᠣᠯᠭ᠎ᠠ ᠶᠢ ᠪᠠᠷᠢᠮᠲᠠᠯᠠᠨ᠎ᠠ᠃  ᠹᠢᠯᠢᠫᠢᠨ ᠤ ᠬᠢᠨ ᠳᠤᠷᠠᠲᠠᠶ᠎ᠠ ᠦᠷᠭᠦᠯᠵᠢᠯᠡᠨ ᠨᠥᠭᠦᠷᠰᠡᠭ ᠵᠥᠪᠳᠡᠯᠴᠡᠭᠡ ᠪᠠᠷ ᠲᠠᠮᠵᠢᠨ ᠲᠠᠯᠠᠢ ᠳᠡᠭᠡᠷᠡᠬᠢ ᠠᠰᠠᠭᠤᠳᠠᠯ ᠢ ᠵᠣᠬᠢᠰᠲᠠᠢ ᠰᠢᠢᠳᠪᠦᠷᠢᠯᠡᠵᠦ᠂ ᠳᠤᠮᠳᠠᠳᠤ ᠤᠯᠤᠰ ᠯᠤᠭ᠎ᠠ ᠲᠣᠰᠣ ᠬᠡᠢ ᠶᠢ ᠨᠡᠭᠡᠭᠡᠨ ᠬᠥᠭᠵᠢᠭᠦᠯᠬᠦ ᠵᠥᠪᠳᠡᠯᠴᠡᠭᠡ ᠪᠠᠨ ᠲᠠᠭᠢᠨ ᠡᠬᠢᠯᠡᠭᠦᠯᠦᠨ᠎ᠡ᠃ ᠳᠤᠮᠳᠠᠳᠤ ᠶᠢᠨ ᠲᠠᠯ᠎ᠠ ᠶᠢᠨ ᠹᠢᠯᠢᠫᠢᠨ ᠤ ᠬᠢᠵᠢᠭ ᠲᠠᠢ ᠲᠡᠮᠡᠴᠡᠬᠦ ᠳᠤ ᠦᠵᠡᠭᠦᠯᠦᠭᠰᠡᠨ ᠡᠷᠬᠢᠮ ᠨᠠᠨᠳᠢᠨ ᠬᠠᠪᠰᠤᠷᠤᠯᠭ᠎ᠠ ᠳᠤ ᠲᠠᠯᠠᠷᠬᠠᠵᠤ ᠪᠠᠶᠢᠨ᠎ᠠ᠃ ᠬᠢᠵᠢᠭ ᠤᠨ ᠪᠠᠶᠢᠳᠠᠯ ᠥᠩᠭᠡᠷᠡᠭᠰᠡᠨ ᠤ ᠲᠠᠷᠠᠭ᠎ᠠ᠂ ᠨᠡᠩ ᠤᠯᠠᠨ ᠳᠤᠮᠳᠠᠳᠤ ᠤᠯᠤᠰ ᠤᠨ ᠠᠷᠠᠳ ᠲᠦᠮᠡᠨ ᠹᠢᠯᠢᠫᠢᠨ ᠳᠤ ᠬᠦᠷᠴᠦ ᠵᠢᠭᠤᠯᠴᠢᠯᠠᠨ ᠰᠤᠷᠤᠯᠴᠠᠵᠤ᠂ ᠬᠤᠶᠠᠷ ᠤᠯᠤᠰ ᠤᠨ ᠠᠷᠠᠳ ᠲᠦᠮᠡᠨ ᠤ ᠶᠠᠪᠤᠯᠴᠠᠭ᠎ᠠ ᠨᠡᠩ ᠨᠢᠭᠲᠠᠷᠠᠵᠤ᠂ ᠬᠤᠶᠠᠷ ᠤᠯᠤᠰ ᠤᠨ ᠬᠠᠷᠢᠯᠴᠠᠭᠠᠨ ᠤ ᠠᠯᠤᠰ ᠭᠡᠳᠤ ᠶᠢᠨ ᠬᠥᠭᠵᠢᠯᠲᠡ ᠳᠤ ᠨᠡᠩ ᠪᠠᠲᠤ ᠪᠠᠬᠢ ᠰᠠᠭᠤᠷᠢ ᠶᠢ ᠲᠠᠯᠪᠢᠵᠤ ᠥᠭᠭᠦ ᠶᠢ ᠬᠦᠰᠡᠵᠦ ᠪᠠᠶᠢᠨ᠎ᠠ᠃ ᠪᠢ ᠹᠢᠯᠢᠫᠢᠨ ᠳᠤᠮᠳᠠᠳᠤ ᠶᠢᠨ ᠬᠠᠷᠢᠯᠴᠠᠭᠠᠨ ᠤ ᠬᠥᠭᠵᠢᠯᠲᠡ ᠶᠢᠨ ᠢᠷᠡᠭᠡᠳᠦᠢ ᠳᠤ ᠢᠲᠡᠭᠡᠯ ᠳᠦᠭᠦᠷᠡᠩ ᠪᠠᠶᠢᠨ᠎ᠠ ᠭᠡᠵᠦ ᠢᠯᠡᠳᠬᠡᠪᠡ᠃      ᠬᠡᠯᠡᠯᠴᠡᠭᠡ ᠲᠡᠭᠦᠰᠦᠭᠰᠡᠨ ᠤ ᠲᠠᠷᠠᠭ᠎ᠠ᠂ ᠬᠤᠶᠠᠷ ᠤᠯᠤᠰ ᠤᠨ ᠲᠡᠷᠢᠭᠦᠨ ︽ᠨᠢᠭᠡ ᠪᠦᠰᠡ ᠨᠢᠭᠡ ᠵᠠᠮ︾᠂ ᠲᠠᠷᠢᠶᠠᠯᠠᠩ ᠵᠢᠭᠠᠰᠤᠨ ᠤ ᠦᠢᠯᠡᠰ᠂ ᠰᠠᠭᠤᠷᠢ ᠲᠥᠬᠦᠭᠡᠷᠦᠮᠵᠢ᠂ ᠮᠥᠩᠭᠦᠨ ᠭᠦᠢᠯᠭᠡᠭᠡᠨ᠂ ᠪᠣᠭᠤᠮᠲᠠ᠂ ᠡᠯᠧᠺᠳ᠋ᠷᠣᠨ ᠬᠤᠳᠠᠯᠳᠤᠭᠠᠨ ᠤ ᠶᠠᠪᠤᠳᠠᠯ᠂ ᠵᠢᠭᠤᠯᠴᠢᠯᠠᠯ ᠵᠡᠷᠭᠡ ᠬᠤᠯᠪᠣᠭᠳᠠᠯ ᠪᠦᠬᠦᠢ ᠬᠠᠮᠲᠤᠷᠠᠯᠴᠠᠭᠠᠨ ᠤ ᠪᠢᠴᠢᠭ ᠮᠠᠲ᠋ᠧᠷᠢᠶᠠᠯ ᠳᠤ ᠭᠠᠷ ᠤᠨ ᠦᠰᠦᠭ ᠵᠢᠷᠤᠬᠤ ᠶᠢ ᠬᠠᠮᠲᠤ ᠪᠠᠷ ᠭᠡᠷᠡᠴᠢᠯᠡᠪᠡ᠃      ᠬᠡᠯᠡᠯᠴᠡᠭᠡ ᠬᠢᠬᠦ ᠠᠴᠠ ᠡᠮᠦᠨ᠎ᠡ᠂ ᠰᠢ ᠶᠢᠨ ᠫᠢᠩ ᠠᠷᠠᠳ ᠤᠨ ᠶᠡᠭᠡ ᠬᠤᠷᠠᠯ ᠤᠨ ᠲᠠᠩᠬᠢᠮ ᠤᠨ ᠬᠤᠶᠢᠲᠤ ᠶᠡᠭᠡ ᠲᠢᠩᠬᠢᠮ ᠳᠤ ᠮᠠᠺᠧᠰ ᠢ ᠤᠭᠲᠤᠬᠤ ᠶᠣᠰᠣᠯᠠᠯ ᠶᠠᠪᠤᠭᠤᠯᠪᠠ᠃      ᠲᠢᠶᠠᠨ ᠠᠨ ᠮᠧᠨ ᠠᠭᠤᠳᠠᠮ ᠲᠠᠯᠠᠪᠠᠢ ᠳᠤ ᠶᠣᠰᠣᠯᠠᠯ ᠤᠨ ᠫᠤᠤ ᠶᠢ 21 ᠳᠤᠤᠭᠠᠷᠭᠠᠵᠤ᠂ ᠶᠣᠰᠣᠯᠠᠯ‌‍ᠤᠨ ᠴᠡᠷᠢᠭ ᠮᠥᠷᠯᠡᠨ ᠵᠣᠭᠰᠣᠵᠤ ᠬᠦᠨᠳᠦᠳᠬᠡᠯ ᠳᠡᠪᠰᠢᠭᠦᠯᠵᠦ᠂ ᠵᠣᠴᠢᠨ ᠤᠭᠲᠤᠬᠤ ᠪᠦᠷᠢᠶ᠎ᠡ ᠬᠠᠩᠭᠢᠨᠠᠭᠤᠯᠪᠠ᠃ ᠬᠤᠶᠠᠷ ᠤᠯᠤᠰ ᠤᠨ ᠲᠡᠷᠢᠭᠦᠨ ᠰᠢᠯᠭᠠᠨ ᠦᠵᠡᠬᠦ ᠲᠠᠶᠢᠰᠠᠨ ᠳᠤ ᠭᠠᠷᠴᠤ᠂ ᠴᠡᠷᠢᠭ ᠤᠨ ᠬᠥᠭᠵᠢᠮ ᠤᠨ ᠪᠦᠯᠭᠦᠮ ᠳᠤᠮᠳᠠᠳᠤ ᠹᠢᠯᠢᠫᠢᠨ ᠬᠤᠶᠠᠷ ᠤᠯᠤᠰ ᠤᠨ ᠰᠦᠯᠳᠡ ᠳᠠᠭᠤᠤ ᠶᠢ ᠬᠥᠭᠵᠢᠮᠳᠡᠪᠡ᠃ ᠮᠠᠺᠧᠰ ᠰᠢ ᠶᠢᠨ ᠫᠢᠩ ᠤᠨ ᠪᠠᠷ᠎ᠠ ᠪᠤᠯᠤᠯᠭ᠎ᠠ ᠲᠠᠢ ᠪᠠᠷ ᠳᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ ᠶᠣᠰᠣᠯᠠᠯ ᠤᠨ ᠠᠩᠭᠢ ᠶᠢ ᠰᠢᠯᠭᠠᠨ ᠦᠵᠡᠭᠰᠡᠨ ᠪᠥᠭᠡᠳ ᠵᠢᠭᠰᠠᠭᠠᠯ ᠢ ᠰᠣᠨᠢᠷᠬᠠᠪᠠ᠃      ᠰᠢ ᠶᠢᠨ ᠫᠢᠩ ᠤᠨ ᠬᠠᠳᠤᠨ ᠫᠧᠩ ᠯᠢ ᠶᠤᠸᠠᠨ ᠪᠣᠯᠣᠨ ᠮᠠᠺᠧᠰ ᠤᠨ ᠬᠠᠳᠤᠨ ᠯᠢᠱᠠ ᠪᠠᠷ᠎ᠠ ᠪᠣᠯᠵᠤ ᠤᠭᠲᠤᠬᠤ ᠶᠣᠰᠣᠯᠠᠯ ᠳᠤ ᠣᠷᠣᠯᠴᠠᠪᠠ᠃      ᠲᠤᠰ ᠣᠷᠣᠢ᠂ ᠰᠢ ᠶᠢᠨ ᠫᠢᠩ ᠬᠠᠳᠤᠨ ᠫᠧᠩ ᠯᠢ ᠶᠤᠸᠠᠨ ᠲᠠᠢ ᠪᠠᠨ ᠠᠷᠠᠳ ᠤᠨ ᠶᠡᠭᠡ ᠬᠤᠷᠠᠯ ᠤᠨ ᠲᠠᠩᠬᠢᠮ ᠤᠨ ᠰᠢᠵᠢᠷ ᠠᠯᠳᠠᠨ ᠶᠡᠭᠡ ᠲᠢᠩᠬᠢᠮ ᠳᠤ ᠮᠠᠺᠧᠰ ᠪᠣᠯᠣᠨ ᠲᠡᠭᠦᠨ ᠤ ᠬᠠᠳᠤᠨ ᠯᠢᠱᠠ ᠶᠢ ᠤᠭᠲᠤᠬᠤ ᠳᠠᠶᠢᠯᠠᠯᠭ᠎ᠠ ᠬᠢᠪᠡ᠃      ᠸᠠᠩ ᠢ᠂ ᠾᠧ ᠯᠢ ᠹᠧᠩ ᠨᠠᠷ ᠬᠤᠯᠪᠣᠭᠳᠠᠯ ᠪᠦᠬᠦᠢ ᠠᠵᠢᠯᠯᠠᠭ᠎ᠠ ᠳᠤ ᠣᠷᠣᠯᠴᠠᠪᠠ᠃      ᠮᠠᠺᠧᠰ ᠳᠤᠮᠳᠠᠳᠤ ᠤᠯᠤᠰ ᠲᠤ ᠠᠶᠢᠯᠴᠢᠯᠠᠬᠤ ᠬᠤᠭᠤᠴᠠᠭᠠᠨ ᠳᠤ᠂ ᠬᠤᠶᠠᠷ ᠲᠠᠯ᠎ᠠ ᠪᠠᠷ ᠢᠶᠠᠨ ᠪᠠᠰᠠ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠣᠯᠣᠨ ᠪᠦᠭᠦᠳᠡ ᠨᠠᠶᠢᠷᠠᠮᠳᠠᠬᠤ ᠹᠢᠯᠢᠫᠢᠨ ᠤᠯᠤᠰ ᠤᠨ ᠬᠠᠮᠲᠤᠷᠠᠭᠰᠠᠨ ᠢᠯᠡᠷᠬᠡᠶᠢᠯᠡᠯᠲᠡ︾ ᠶᠢ ᠨᠡᠶᠢᠲᠡᠯᠡᠬᠦ ᠪᠣᠯᠣᠨ᠎ᠠ᠃
 
ᠢᠷᠡᠯᠲᠡ᠄ ᠦᠪᠤᠷ ᠮᠤᠩᠭᠤᠯ ᠤᠨ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1