ᠡᠨᠡ 4 ᠵᠦᠢᠯ ᠤᠨ ᠬᠤᠨᠤᠭ ᠥᠨᠵᠢᠭᠰᠡᠨ ᠨᠣᠭᠤᠭ᠎ᠠ ᠨᠢ ᠥᠮᠡᠨ ᠡᠭᠦᠰᠭᠡᠵᠦ ᠮᠡᠳᠡᠨ᠎ᠡ
ᠨᠡᠶᠢᠲᠡᠯᠡᠭᠰᠡᠨ ᠴᠠᠭ᠄
2023/1/30
       ᠽᠦᠸᠧ ᠰᠢᠶᠤᠤ ᠰᠢᠶᠠ ︵ᠳᠤᠮᠳᠠᠳᠤ ᠤᠯᠤᠰ ᠤᠨ ᠠᠷᠠᠳ ᠤᠨ  ᠴᠢᠯᠥᠭᠡᠯᠡᠬᠦ  ᠴᠡᠷᠢᠭ ᠤᠨ  ᠶᠡᠷᠦᠩᠬᠡᠶ  ᠡᠮᠨᠡᠯᠭᠡ ᠶᠢᠨ ᠬᠤᠷᠢᠶᠠᠨ ᠤ ᠨᠠᠢᠮᠠᠳᠤᠭᠠᠷ ᠠᠨᠠᠭᠠᠬᠤ ᠤᠬᠠᠭᠠᠨ ᠤ ᠲᠥᠪ ᠤᠨ ᠰᠢᠮ᠎ᠡ ᠲᠡᠵᠢᠭᠡᠯ ᠤᠨ ᠰᠠᠯᠠᠭ᠎ᠠ ᠡᠷᠬᠢᠯᠡᠭᠴᠢ  ᠡᠮᠴᠢ︶᠄  ᠠᠮᠢᠳᠤᠷᠠᠯ ᠳᠤᠮᠳᠠ ᠮᠠᠰᠢ ᠣᠯᠠᠨ ᠬᠥᠮᠦᠨ ᠪᠦᠷ ᠬᠤᠨᠤᠭ ᠥᠨᠵᠢᠭᠰᠡᠨ ᠨᠣᠭᠤᠭ᠎ᠠ ᠢᠳᠡᠬᠦ ᠳᠠᠳᠬᠠᠯ ᠲᠠᠢ ᠪᠠ ᠥᠩᠭᠡᠷᠡᠯᠲᠡ ᠲᠠᠢ᠃ ᠢᠳᠡᠵᠦ ᠪᠠᠷᠠᠬᠤ ᠦᠭᠡᠢ ᠬᠤᠭᠤᠯᠠ ᠶᠢ ᠳᠠᠷᠠᠭ᠎ᠠ ᠡᠳᠦᠷ᠂ ᠭᠤᠷᠪᠠᠳᠤᠭᠠᠷ ᠡᠳᠦᠷ ᠦᠷᠭᠦᠯᠵᠢᠯᠡᠨ ᠢᠳᠡᠨ᠎ᠡ᠂ ᠴᠢᠨᠠᠷ ᠬᠤᠪᠢᠷᠠᠬᠤ ᠦᠭᠡᠢ ᠢᠯᠵᠢᠷᠠᠬᠤ ᠦᠬᠡᠢ ᠪᠣᠯ ᠶᠠᠭᠠᠬᠢᠭᠰᠠᠨ ᠴᠤ ᠬᠠᠶᠠᠬᠤ ᠦᠭᠡᠢ᠃ ᠦᠨᠡᠨ ᠳᠡᠭᠡᠨ ᠢᠩᠭᠢᠵᠦ  ︽ᠠᠷᠪᠢᠯᠠᠬᠤ︾ ᠨᠢ ᠪᠠᠰᠠ ᠪᠡᠶ᠎ᠡ ᠮᠠᠬᠠᠪᠣᠳ ᠢ ︽ᠵᠣᠪᠠᠯᠠᠩ ᠳᠤ ᠤᠴᠠᠷᠠᠭᠤᠯᠬᠤ︾ ᠶᠤᠮ᠃ ᠨᠢᠭᠡ ᠲᠠᠯ᠎ᠠ ᠪᠠᠷ᠂ ᠬᠤᠨᠤᠭ ᠥᠨᠵᠢᠭᠰᠡᠨ ᠨᠣᠭᠤᠭ᠎ᠠ ᠶᠡᠭᠡ ᠬᠡᠮᠵᠢᠶᠡᠨ ᠤ ᠰᠢᠮ᠎ᠡ ᠲᠡᠵᠢᠭᠡᠯ ᠠᠯᠳᠠᠭᠳᠠᠬᠤ ᠪᠠᠷ ᠪᠠᠷᠠᠬᠤ ᠦᠭᠡᠢ᠂ ᠪᠠᠰᠠ ᠠᠮᠠᠷᠬᠠᠨ ᠪᠠᠺᠲ᠋ᠧᠷᠢ  ᠡᠭᠦᠰᠦᠨ᠎ᠡ᠂ ᠬᠤᠳᠣᠭᠤᠳᠣ ᠭᠡᠳᠡᠰᠦᠨ ᠤ ᠠᠵᠢᠯᠯᠠᠭ᠎ᠠ ᠤᠤᠯ ᠠᠴᠠ ᠪᠠᠨ ᠪᠠᠭᠤᠷᠠᠶ ᠪᠠᠶᠢᠳᠠᠭ ᠬᠥᠮᠦᠨ   ᠢᠳᠡᠭᠰᠡᠨ ᠤ ᠳᠠᠷᠠᠭ᠎ᠠ ᠠᠮᠠᠷᠬᠠᠨ ᠰᠠᠭᠤᠯᠭᠠᠨ᠎ᠠ︔ ᠨᠥᠭᠦᠭᠡ ᠲᠠᠯ᠎ᠠ ᠪᠠᠷ᠂ ᠬᠤᠨᠤᠭ ᠥᠨᠵᠢᠭᠰᠡᠨ ᠨᠣᠭᠤᠭ᠎ᠠ ᠶᠢ ᠬᠡᠲᠦ ᠤᠳᠠᠭᠠᠨ ᠲᠠᠯᠪᠢᠪᠠᠯ ᠳᠤᠲᠠᠭᠤ ᠠᠽᠣᠲ ᠬᠦᠴᠢᠯ ᠤᠨ ᠳᠠᠪᠤᠰᠤ ᠡᠭᠦᠰᠦᠨ᠎ᠡ᠂ ᠲᠡᠷᠡ ᠨᠢ ᠬᠤᠳᠣᠭᠤᠳᠣᠨ ᠳᠤ ᠣᠷᠣᠪᠠᠯ ᠤᠭᠤᠷᠠᠭ ᠲᠠᠢ ᠤᠷᠪᠠᠯ ᠡᠭᠦᠰᠴᠦ ᠥᠮᠡᠨ ᠡᠭᠦᠰᠭᠡᠬᠦ ᠣᠶᠢᠯᠡᠳᠣᠯ ᠲᠠᠢ ᠳᠤᠲᠠᠭᠤ ᠠᠽᠣᠲ ᠠᠮᠢᠨ  ᠡᠭᠦᠰᠦᠨ᠎ᠡ᠂ ᠣᠷᠳᠣ ᠬᠤᠭᠤᠴᠠᠭ᠎ᠠ ᠪᠠᠷ ᠢᠳᠡᠪᠡᠯ ᠡᠰ ᠤᠨ ᠭᠡᠨᠡᠳᠲᠡ ᠶᠢᠨ ᠬᠤᠪᠢᠷᠠᠯᠲᠠ ᠶᠢ ᠡᠭᠦᠰᠭᠡᠵᠦ᠂ ᠬᠤᠳᠣᠭᠤᠳᠣᠨ ᠥᠮᠡᠨ ᠢ ᠡᠭᠦᠰᠭᠡᠵᠦ ᠮᠡᠳᠡᠨ᠎ᠡ᠃              ᠢᠯᠠᠩᠭᠤᠶ᠎ᠠ ᠡᠨᠡ 4 ᠵᠦᠢᠯ ᠤᠨ ᠬᠤᠨᠤᠭ ᠥᠨᠵᠢᠭᠰᠡᠨ  ᠨᠣᠭᠤᠭ᠎ᠠ ᠶᠢ  ᠢᠳᠡᠵᠦ  ᠪᠠᠷᠠᠬᠤ  ᠦᠭᠡᠢ  ᠪᠣᠯ ᠬᠠᠶᠠᠬᠤ ᠬᠡᠷᠡᠭᠲᠠᠢ᠃              1᠂ ᠬᠤᠨᠤᠭ ᠥᠨᠵᠢᠭᠰᠡᠨ ᠨᠣᠭᠤᠭᠠᠨ ᠨᠠᠪᠴᠢᠲᠤ ᠨᠣᠭᠤᠭ᠎ᠠ᠄ ᠢᠳᠡᠰᠢᠨ ᠨᠣᠭᠤᠭ᠎ᠠ ᠶᠢ ᠤᠳᠠᠭᠠᠨ  ᠲᠠᠯᠪᠢᠬᠤ ᠪᠠ ᠳᠠᠬᠢᠨ ᠬᠠᠯᠠᠭᠠᠬᠤ ᠳᠤ ᠸᠢᠲ᠋ᠠᠮᠢᠨ᠂ ᠨᠠᠪᠴᠢᠨ ᠤ ᠨᠣᠭᠤᠭᠠᠨ ᠡᠳ᠋ ᠵᠡᠷᠭᠡ ᠰᠢᠮ᠎ᠡ ᠲᠡᠵᠢᠭᠡᠯ ᠠᠷᠪᠢᠨ ᠠᠯᠳᠠᠭᠳᠠᠵᠤ᠂ ᠠᠮᠲᠠ ᠶᠢᠨ ᠬᠤᠪᠢᠷᠠᠯᠲᠠ ᠶᠡᠭᠡ ᠪᠥᠭᠡᠳ ᠪᠠᠰᠠ ᠠᠮᠠᠷᠬᠠᠨ ᠴᠢᠨᠠᠷ ᠬᠤᠪᠢᠷᠠᠳᠠᠭ︔ ᠲᠡᠶᠢᠮᠦ ᠮᠥᠷᠲᠡᠭᠡᠨ ᠮᠢᠬᠠᠨ ᠤ  ᠲᠥᠷᠥᠯ᠂  ᠵᠢᠮᠢᠰ  ᠵᠡᠷᠭᠡ ᠢᠳᠡᠭᠡᠨ ᠲᠠᠢ ᠬᠠᠷᠢᠴᠠᠭᠤᠯᠪᠠᠯ᠂ ᠨᠣᠭᠤᠭᠠᠨ ᠨᠠᠪᠴᠢᠲᠤ ᠨᠣᠭᠤᠭ᠎ᠠ ᠶᠢᠨ ᠲᠣᠰ ᠪᠡᠶ᠎ᠡ ᠶᠢᠨ ᠠᠽᠣᠲ  ᠬᠦᠴᠢᠯ ᠤᠨ ᠳᠠᠪᠤᠰᠤᠨ ᠤ ᠠᠭᠤᠯᠤᠭᠳᠠᠴᠠ ᠨᠢ ᠨᠡᠯᠢᠶᠡᠳ ᠥᠨᠳᠥᠷ ᠪᠠᠶᠢᠳᠠᠭ᠂ ᠴᠢᠨᠠᠵᠤ ᠪᠣᠯᠭᠤᠭᠰᠠᠨ ᠤ ᠳᠠᠷᠠᠭ᠎ᠠ ᠬᠡᠷᠪᠡ  ᠲᠠᠯᠪᠢᠬᠤ ᠴᠠᠭ ᠨᠢ ᠬᠡᠲᠦᠷᠬᠡᠶ ᠣᠷᠳᠣ ᠪᠣᠯᠪᠠᠯ᠂ ᠪᠠᠺᠲ᠋ᠧᠷᠢ ᠶᠢᠨ ᠵᠠᠳᠠᠷᠠᠬᠤ ᠦᠢᠯᠡᠳᠦᠯ ᠳᠤᠤᠷ᠎ᠠ᠂ ᠠᠽᠣᠲ ᠬᠦᠴᠢᠯ ᠤᠨ ᠳᠠᠪᠤᠰᠤ ᠨᠢ  ᠪᠠᠰᠠ  ᠳᠤᠲᠠᠮᠠᠭ ᠠᠽᠣᠲ ᠬᠦᠴᠢᠯ ᠤᠨ ᠳᠠᠪᠤᠰᠤ ᠪᠣᠯᠤᠨ ᠠᠩᠭᠢᠵᠢᠷᠠᠭᠤᠯᠤᠭᠳᠠᠵᠤ᠂ ᠪᠡᠶ᠎ᠡ ᠶᠢᠨ ᠡᠷᠡᠭᠦᠯ ᠮᠡᠨᠳᠦ ᠳᠤ ᠠᠰᠢᠭ ᠥᠬᠡᠶ ᠶᠤᠮ᠃ ᠬᠡᠷᠪᠡ ᠬᠠᠳᠠᠭᠠᠯᠠᠬᠤ ᠨᠢ ᠵᠣᠬᠢᠰ ᠦᠭᠡᠢ ᠪᠣᠯ ᠳᠤᠲᠠᠭᠤ ᠠᠽᠣᠲ ᠬᠦᠴᠢᠯ ᠤᠨ ᠳᠠᠪᠤᠰᠤᠨ ᠤ   ᠠᠭᠤᠯᠤᠭᠳᠠᠴᠠ ᠨᠢ ᠪᠠᠰᠠ ᠪᠠᠷᠢᠮᠵᠢᠶ᠎ᠠ ᠠᠴᠠ ᠬᠡᠲᠦᠷᠡᠵᠦ ᠮᠡᠳᠡᠨ᠎ᠡ᠃              2᠂ ᠬᠤᠨᠤᠭ ᠥᠨᠵᠢᠭᠰᠡᠨ ᠳᠠᠯᠠᠢ ᠶᠢᠨ ᠢᠳᠡᠭᠡᠨ᠄ ᠨᠠᠢᠮᠠᠯᠵᠢ᠂ ᠵᠢᠭᠠᠰᠤᠨ ᠤ ᠵᠦᠢᠯ᠂ ᠰᠠᠮ  ᠬᠤᠷᠣᠬᠠᠢ ᠶᠢᠨ  ᠵᠦᠢᠯ ᠵᠡᠷᠭᠡ ᠳᠠᠯᠠᠢ ᠶᠢᠨ ᠢᠳᠡᠭᠡᠨ ᠪᠣᠯ ᠴᠥᠮ ᠤᠭᠤᠷᠠᠭ ᠶᠡᠬᠡᠲᠡᠢ ᠢᠳᠡᠭᠡᠨ ᠮᠥᠨ᠂ ᠬᠡᠷᠪᠡ  ᠲᠤᠬᠠᠢ ᠶᠢᠨ ᠡᠳᠦᠷ ᠢᠳᠡᠵᠦ ᠪᠠᠷᠠᠭᠠᠳᠤᠢ ᠪᠠᠷ ᠰᠥᠨᠢ ᠥᠨᠵᠢᠵᠦ ᠢᠳᠡᠪᠡᠯ᠂ ᠤᠭᠤᠷᠠᠭ ᠵᠠᠳᠠᠷᠠᠭᠰᠠᠨ ᠪᠣᠳᠠᠰ ᠡᠭᠦᠰᠴᠦ ᠮᠡᠳᠡᠨ᠎ᠡ᠂ ᠬᠤᠳᠣᠭᠤᠳᠣ ᠭᠡᠳᠡᠰᠦᠨ ᠤ ᠰᠠᠯᠢᠰᠤᠲᠤ ᠪᠦᠷᠬᠦᠪᠴᠢ ᠳᠤ ᠰᠡᠳᠦᠯᠲᠡ ᠥᠭᠴᠦ᠂ ᠬᠤᠳᠣᠭᠤᠳᠣ ᠭᠡᠳᠡᠰᠦᠨ ᠤ ᠡᠪ ᠦᠭᠡᠢ ᠪᠠᠶᠢᠳᠠᠯ ᠢ ᠡᠭᠦᠰᠭᠡᠵᠦ ᠮᠡᠳᠡᠨ᠎ᠡ᠂ ᠪᠠᠰᠠ ᠡᠯᠢᠭᠡ ᠪᠥᠭᠡᠷᠡᠨ ᠤ ᠠᠵᠢᠯᠯᠠᠭ᠎ᠠ ᠶᠢ ᠠᠮᠠᠷᠬᠠᠨ ᠭᠡᠮᠲᠦᠭᠡᠨ᠎ᠡ᠃              3᠂ ᠬᠤᠨᠤᠭ ᠥᠨᠵᠢᠭᠰᠡᠨ ᠮᠥᠩᠭᠦᠨ ᠳᠡᠯᠳᠡᠦ ᠶᠢᠨ ᠮᠥᠭᠦ᠄ ᠬᠡᠷ ᠳᠣᠲᠣᠷ᠎ᠠ ᠳᠠᠷᠢᠭᠰᠠᠨ ᠮᠥᠩᠭᠦᠨ  ᠳᠡᠯᠳᠡᠦ ᠪᠤᠶᠤ ᠬᠡᠭᠡᠷ᠎ᠡ ᠭᠠᠳᠠᠭ᠎ᠠ ᠳᠠᠷᠢᠭᠰᠠᠨ  ᠮᠥᠩᠭᠦᠨ  ᠳᠡᠯᠳᠡᠦ ᠵᠢᠴᠢ ᠮᠥᠭᠦ ᠶᠢᠨ ᠲᠥᠷᠥᠯ ᠭᠡᠰᠡᠨ  ᠥᠬᠡᠶ᠂ ᠠᠽᠣᠲ ᠬᠦᠴᠢᠯ ᠤᠨ ᠳᠠᠪᠤᠰᠤ ᠶᠢ ᠨᠡᠯᠢᠶᠡᠳ ᠠᠷᠪᠢᠨ ᠠᠭᠤᠯᠤᠭᠰᠠᠨ ᠢᠳᠡᠭᠡᠨ ᠳᠤ ᠬᠠᠷᠢᠶᠠᠯᠠᠭᠳᠠᠨ᠎ᠠ᠂  ᠴᠢᠨᠠᠵᠤ ᠪᠤᠯᠭᠤᠭᠰᠠᠨ ᠤ ᠳᠠᠷᠠᠭ᠎ᠠ ᠬᠡᠷᠪᠡ ᠨᠡᠯᠢᠶᠡᠳ ᠣᠷᠳᠣ ᠬᠤᠭᠤᠴᠠᠭ᠎ᠠ ᠲᠠᠯᠪᠢᠪᠠᠯ᠂ ᠪᠠᠺᠲ᠋ᠧᠷᠢ ᠵᠠᠳᠠᠷᠠᠬᠤ ᠦᠶ᠎ᠡ ᠳᠤ᠂ ᠠᠽᠣᠲ ᠬᠦᠴᠢᠯ ᠤᠨ ᠳᠠᠪᠤᠰᠤ ᠨᠢ ᠳᠤᠲᠠᠭᠤ ᠠᠽᠣᠲ ᠬᠦᠴᠢᠯ ᠤᠨ ᠳᠠᠪᠤᠰᠤ ᠪᠣᠯᠵᠣ᠂ ᠳᠤᠲᠠᠭᠤ ᠠᠽᠣᠲ ᠬᠦᠴᠢᠯ ᠤᠨ ᠳᠠᠪᠤᠰᠤ ᠶᠢ ᠶᠡᠭᠡ ᠬᠡᠮᠵᠢᠶ᠎ᠡ ᠪᠠᠷ ᠢᠳᠡᠪᠡᠯ ᠥᠮᠡᠨ‌‍ᠪᠣᠯᠵᠣ᠂ ᠪᠠᠰᠠ ᠤᠯᠠᠭᠠᠨ ᠡᠰ ᠤᠨ ᠢᠳᠡᠪᠬᠢ  ᠴᠢᠨᠠᠷ ᠢ  ᠪᠠᠭᠤᠷᠠᠭᠤᠯᠵᠤ᠂ ᠬᠦᠴᠢᠯᠲᠥ᠋ᠷᠥᠭᠴᠢ ᠳᠤᠲᠠᠭᠳᠠᠬᠤ ᠪᠠ ᠴᠢᠰᠤ ᠳᠤᠲᠠᠬᠤ ᠶᠢ ᠡᠭᠦᠰᠭᠡᠵᠦ᠂ ᠡᠷᠡᠭᠦᠯ ᠮᠡᠨᠳᠦ ᠳᠤ ᠠᠰᠢᠭ ᠥᠬᠡᠶ ᠪᠠᠶᠢᠳᠠᠭ᠃              4᠂ ᠬᠤᠨᠤᠭ ᠥᠨᠵᠢᠭᠰᠡᠨ ᠲᠥᠮᠥᠰᠥ᠂ ᠴᠤᠯᠤ ᠲᠥᠮᠥᠰᠥ᠂ ᠮᠠᠨᠲᠠᠤ᠂ ᠲᠥᠮᠥᠰᠥ᠃ ᠡᠳᠡᠭᠡᠷ  ᠶᠠᠭᠤᠮ᠎ᠠ ᠶᠢ ᠳᠡᠭᠡᠷ᠎ᠡ ᠴᠠᠭ ᠢᠳᠡᠵᠦ ᠪᠠᠷᠠᠬᠤ ᠦᠭᠡᠢ ᠪᠣᠯ ᠳᠠᠷᠠᠭ᠎ᠠ ᠴᠠᠭ ᠢᠳᠡᠵᠦ ᠪᠣᠯᠤᠨ᠎ᠠ᠂ ᠭᠡᠪᠡᠴᠦ ᠬᠠᠮᠤᠭ ᠰᠠᠶᠢᠨ ᠨᠢ ᠰᠥᠨᠢ ᠥᠨᠵᠢᠵᠦ ᠢᠳᠡᠵᠦ ᠪᠣᠯᠬᠤ ᠦᠭᠡᠢ᠂ ᠬᠡᠷᠪᠡ ᠰᠥᠨᠢ ᠥᠨᠵᠢᠪᠡᠯ ᠪᠢᠲᠡᠭᠦᠮᠵᠢᠯᠡᠬᠦ ᠬᠥᠯᠳᠡᠭᠡᠬᠦ ᠬᠡᠷᠡᠭᠲᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1