ᠲᠣᠭᠲᠠᠬᠤ ᠰᠢᠶᠠᠨ᠄ ᠢᠳᠡᠰᠢᠨ ᠨᠣᠭᠤᠭᠠᠨ ᠤ ᠬᠦᠯᠡᠮᠵᠢ ᠦᠢᠯᠡᠰ ᠢ ᠬᠦᠭᠵᠢᠭᠦᠯᠵᠦ ᠬᠥᠳᠡᠭᠡ ᠠᠵᠤ ᠠᠬᠤᠢ ᠶᠢ ᠬᠠᠪᠰᠤᠷᠤᠨ ᠣᠷᠣᠯᠭ᠎ᠠ ᠶᠢ ᠨᠢ ᠨᠡᠮᠡᠭᠳᠡᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2023/1/16
      ᠴᠠᠭᠠᠨ ᠰᠠᠷ᠎ᠠ ᠣᠶᠢᠷᠠᠳᠴᠤ᠂ ᠬᠥᠬᠡᠭᠡ ᠡᠪᠦᠯ ᠤᠨ ᠤᠯᠠᠷᠢᠯ ᠪᠣᠯᠬᠤ ᠳᠤ᠂ ᠬᠠᠳᠤᠨ ᠭᠤᠣᠯ ᠤᠨ ᠬᠥᠪᠡᠭᠡᠨ ᠤ ᠬᠤᠤ ᠵᠢᠶᠠ ᠶᠣᠣ ᠲᠣᠰᠬᠤᠨ ᠤ ᠳ᠋ᠦᠩ ᠯᠢᠶᠠᠩ ᠳᠤ ᠪᠠᠶᠢᠷᠢᠯᠠᠵᠤ ᠪᠠᠶᠢᠭ᠎ᠠ ᠲᠣᠭᠲᠠᠬᠤ ᠰᠢᠶᠠᠨ ᠤ ᠵᠢᠶᠠ ᠹᠥ᠋ᠩ ᠤᠳᠤ ᠦᠶ᠎ᠡ ᠶᠢᠨ ᠰᠡᠯᠡᠭᠦᠴᠡᠯ ᠤᠨ ᠲᠠᠷᠢᠶᠠᠯᠠᠩ ᠤᠨ ᠵᠢᠱᠢᠶ᠎ᠡ ᠦᠵᠡᠭᠦᠯᠬᠦ ᠬᠦᠷᠢᠶᠡᠯᠡᠩ ᠤᠨ ᠬᠦᠯᠡᠮᠵᠢ ᠳᠤ ᠤᠷᠢᠨ ᠳᠤᠯᠠᠭᠠᠨ ᠠᠭᠤᠷ ᠠᠮᠢᠰᠬᠤᠯ ᠢᠶᠠᠷ ᠪᠢᠯᠬᠠᠵᠤ ᠪᠠᠶᠢᠯ᠎ᠠ᠃ ᠲᠠᠷᠢᠶᠠᠴᠢᠨ ᠡᠷᠦᠭᠡ ᠶᠠᠭ ᠵᠠᠬ᠎ᠠ ᠳᠡᠯᠭᠡᠭᠦᠷ ᠲᠤ ᠭᠠᠷᠤᠭᠰᠠᠨ ᠵᠢᠮᠢᠰ ᠨᠣᠭᠤᠭ᠎ᠠ ᠪᠠᠨ ᠲᠡᠭᠦᠵᠦ ᠶᠠᠭᠠᠷᠠᠯᠳᠤᠨ᠂ ᠭᠠᠵᠠᠷ ᠪᠣᠯᠭᠠᠨ ᠳᠤ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠤᠯ ᠢᠶᠠᠷ ᠪᠢᠯᠬᠠᠨ᠎ᠠ᠃      ᠬᠥᠮᠥᠨ ᠤ ᠰᠡᠳᠬᠢᠯ ᠢ ᠪᠠᠶᠠᠰᠬᠠᠮ᠎ᠠ ᠤᠷᠭᠤᠭᠰᠠᠨ ᠥᠷᠭᠡᠰᠦᠲᠦ ᠬᠡᠮᠬᠡ ᠪᠠ ᠲᠥᠪᠡᠳ ᠬᠠᠰᠢ ᠶᠢ ᠬᠠᠷᠠᠭᠠᠳ᠂ 60 ᠨᠠᠰᠤᠲᠠᠢ ᠾᠧᠦ ᠳ᠋ᠡ ᠱᠤ᠋᠄ ︽ᠢᠳᠡᠰᠢᠨ ᠨᠣᠭᠤᠭ᠎ᠠ ᠪᠣᠯ ᠴᠥᠮ ᠣᠷᠭᠠᠨᠢᠭ ᠪᠣᠷᠳᠣᠭᠤᠷ ᠢᠶᠠᠷ ᠳᠠᠷᠢᠵᠤ ᠭᠠᠷᠭᠠᠭᠰᠠᠨ ᠪᠤᠯᠬᠤᠷ ᠣᠷᠭᠠᠨᠢᠭ ᠢᠳᠡᠭᠡᠨ ᠪᠣᠯᠣᠨ᠎ᠠ᠂ ᠵᠤᠭᠠᠴᠠᠭᠰᠠᠳ ᠲᠤ ᠲᠡᠭᠦᠵᠦ ᠥᠭᠬᠦ ᠪᠠᠷ ᠪᠠᠷᠠᠬᠤ ᠦᠭᠡᠢ᠂ ᠪᠠᠰᠠ ᠬᠥᠬᠡᠬᠤᠲᠠ᠂ ᠲᠤᠭᠳᠠᠬᠤ ᠰᠢᠶᠠᠨ᠂ ᠠᠵᠤ ᠦᠢᠯᠡᠳᠪᠦᠷᠢ ᠶᠢᠨ ᠬᠦᠷᠢᠶᠡᠯᠡᠩ ᠤᠨ ᠡᠯ᠎ᠡ ᠲᠣᠮᠣ ᠬᠡᠲᠦ ᠳᠡᠯᠭᠡᠭᠦᠷ ᠲᠤ ᠬᠦᠷᠭᠡᠵᠦ ᠪᠠᠶᠢᠨ᠎ᠠ᠂ ᠢᠳᠡᠰᠢᠨ ᠨᠣᠭᠤᠭ᠎ᠠ ᠶᠢᠨ ᠲᠥᠷᠥᠯ ᠵᠦᠢᠯ ᠨᠢ ᠰᠠᠶᠢᠨ᠂ ᠪᠣᠷᠤᠯᠠᠭᠤᠯᠭ᠎ᠠ ᠨᠢ ᠰᠠᠶᠢᠨ ᠪᠣᠯ ᠬᠤᠳᠠᠯᠳᠤᠬᠤ ᠳᠤ ᠵᠣᠪᠠᠭ᠋ᠤ ᠦᠭᠡᠢ᠂ ᠵᠢᠯ ᠳᠤ ᠬᠤᠶᠠᠷ ᠤᠳᠠᠭ᠎ᠠ ᠢᠳᠡᠪᠡᠯ 50 ᠭᠠᠷᠤᠢ ᠲᠦᠮᠡᠨ ᠲᠥᠭᠦᠷᠢᠭ ᠤᠨ ᠣᠷᠣᠯᠭ᠎ᠠ ᠣᠯᠵᠤ ᠪᠣᠯᠣᠨ᠎ᠠ︾ ᠭᠡᠵᠡᠢ᠃      ᠢᠳᠡᠰᠢᠨ ᠨᠣᠭᠤᠭ᠎ᠠ ᠲᠠᠷᠢᠭᠠᠳ 13 ᠵᠢᠯ ᠪᠣᠯᠤᠭᠰᠠᠨ ᠾᠧᠦ ᠳ᠋ᠡ ᠱᠤ᠋ ᠲᠠᠷᠢᠮᠠᠯ ᠤᠨ ᠮᠡᠷᠭᠡᠵᠢᠯ ᠤᠨ ᠲᠠᠯ᠎ᠠ ᠪᠠᠷ ᠮᠠᠰᠢ ᠶᠡᠭᠡ ᠣᠯᠣᠯᠲᠠ ᠲᠠᠢ᠂ ᠡᠨᠡ ᠨᠢ ᠤᠯᠤᠰ ᠠᠴᠠ ᠲᠠᠷᠢᠶᠠᠴᠢᠨ ᠢ ᠶᠡᠭᠡ ᠪᠠᠷ ᠲᠡᠳᠬᠦᠬᠦ ᠲᠦᠷᠦ ᠶᠢᠨ ᠪᠣᠳᠣᠯᠭ᠎ᠠ ᠶᠢᠨ ᠠᠴᠢ ᠲᠤᠰᠠ ᠠᠴᠠ ᠪᠣᠯᠤᠭᠰᠠᠨ ᠶᠤᠮ᠃ ᠾᠧᠦ ᠳ᠋ᠡ ᠱᠤ᠋ 2017 ᠣᠨ ᠳᠤ ᠱᠠᠨᠳᠦ᠋ᠩ ᠮᠤᠵᠢ ᠶᠢᠨ ᠱᠧᠦ ᠭᠤᠸᠠᠩ ᠬᠤᠳᠠ ᠳᠤ ᠬᠠᠭᠠᠰ ᠰᠠᠷ᠎ᠠ ᠭᠠᠷᠤᠢ ᠪᠣᠯᠪᠠᠰᠤᠷᠠᠯ ᠳᠤ ᠣᠷᠣᠯᠴᠠᠵᠤ᠂ ᠡᠨᠡ ᠬᠤᠭᠤᠴᠠᠭᠠᠨ ᠳᠤ ᠮᠠᠰᠢ ᠤᠯᠠᠨ ᠲᠡᠷᠢᠭᠦᠨ ᠤ ᠢᠳᠡᠰᠢᠨ ᠨᠣᠭᠤᠭ᠎ᠠ ᠲᠠᠷᠢᠬᠤ ᠮᠡᠷᠭᠡᠵᠢᠯ ᠢ ᠰᠤᠷᠴᠤ᠂ ᠲᠤᠰᠬᠠᠢ ᠮᠡᠷᠭᠡᠵᠢᠯ ᠤᠨ ᠲᠠᠷᠢᠮᠠᠯ ᠤᠨ ᠮᠡᠳᠡᠯᠭᠡ ᠶᠢ ᠣᠶᠢᠯᠠᠭᠠᠵᠠᠢ᠃ ᠪᠣᠯᠪᠠᠰᠤᠷᠠᠯ ᠥᠩᠭᠡᠷᠡᠭᠰᠡᠨ ᠤ ᠳᠠᠷᠠᠭ᠎ᠠ᠂ ᠾᠧᠦ ᠳ᠋ᠡ ᠱᠤ᠋ ᠬᠥᠬᠡᠬᠤᠲᠠ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠣᠨᠴᠠ ᠲᠣᠮᠢᠯᠠᠭᠳᠠᠭᠰᠠᠳ ᠲᠤ ᠰᠢᠨ᠎ᠡ ᠭᠠᠷᠤᠯ ᠲᠠᠢ ᠪᠣᠯᠪᠠ᠃ ᠡᠨᠡᠬᠦ ᠰᠢᠨ᠎ᠡ ᠪᠡᠶ᠎ᠡ ᠶᠢᠨ ᠭᠠᠷᠤᠯ ᠤᠨ ᠲᠤᠬᠠᠢ ᠾᠧᠦ ᠳ᠋ᠡ ᠱᠤ᠋ ᠮᠠᠰᠢ ᠣᠮᠣᠭᠰᠢᠨ ᠪᠠᠭ᠋ᠠᠳᠤᠵᠤ᠂ ᠲᠠᠷᠢᠮᠠᠯ ᠤᠨ ᠤᠪᠠᠳᠢᠰ   ᠢ ᠰᠣᠷᠪᠣᠯᠵᠢᠯᠠᠭᠴᠢᠳ ᠲᠤ ᠲᠠᠰᠤᠷᠠᠯᠲᠠ ᠦᠭᠡᠢ ᠶᠠᠷᠢᠵᠤ ᠥᠭᠴᠡᠢ᠃ ᠨᠢᠭᠡ ᠳᠤ᠂ ᠲᠧᠭᠨᠢᠭ ᠮᠡᠷᠭᠡᠵᠢᠯ᠂ ᠬᠤᠶᠠᠷ ᠲᠤ᠂ ᠲᠦᠷᠦᠯ ᠵᠦᠢᠯ᠂ ᠭᠤᠷᠪᠠ ᠳᠤ᠂ ᠳᠤᠯᠠᠭᠠᠨ ᠤ ᠬᠡᠮᠵᠢᠶ᠎ᠡ ᠶᠢ ᠬᠠᠮᠢᠶᠠᠷᠤᠨ᠎ᠠ᠂ ᠡᠭᠦᠨ ᠤ ᠰᠠᠭᠤᠷᠢᠨ ᠳᠡᠭᠡᠷ᠎ᠡ ᠰᠠᠶ᠋ᠢ ᠪᠣᠷᠣᠯᠠᠭᠤᠯᠵᠤ ᠪᠠᠶᠢᠨ᠎ᠠ᠃ ᠢᠰᠬᠡᠭᠰᠡᠨ ᠤ ᠳᠠᠷᠠᠭᠠᠬᠢ ᠣᠷᠭᠠᠨᠢᠭ ᠪᠣᠷᠳᠣᠭᠤᠷ ᠨᠢ ᠬᠤᠷᠣᠬᠠᠢ ᠶᠢᠨ ᠥᠨᠳᠡᠭᠡ ᠦᠭᠡᠢ ᠪᠣᠯᠬᠤᠷ ᠦᠨᠳᠦᠰᠦᠨ ᠤ ᠵᠠᠩᠭᠢᠯᠠᠭᠠᠲᠤ ᠤᠲᠠᠰᠤᠯᠢᠭ ᠬᠤᠷᠣᠬᠠᠢ ᠶᠢᠨ ᠬᠤᠣᠷ ᠬᠥᠨᠥᠭᠡᠯ ᠠᠴᠠ ᠪᠦᠲᠦᠮᠵᠢᠲᠡᠶ ᠪᠠᠷ ᠵᠠᠶᠢᠯᠠᠰᠬᠢᠵᠦ ᠪᠣᠯᠬᠤ ᠪᠥᠭᠡᠳ ᠳᠤᠯᠠᠭᠠᠨ ᠤ ᠬᠡᠮᠵᠢᠶ᠎ᠡ ᠶᠢ ᠬᠢᠵᠠᠭᠠᠷᠯᠠᠬᠤ ᠨᠢ ᠪᠠᠰᠠ ᠬᠥᠭᠡᠴᠦ ᠡᠪᠡᠳᠴᠢᠨ ᠢ ᠪᠦᠲᠦᠮᠵᠢᠲᠡᠶ ᠪᠠᠷ ᠰᠡᠷᠭᠡᠶᠢᠯᠡᠨ ᠵᠠᠰᠠᠵᠤ ᠪᠣᠯᠣᠨ᠎ᠠ᠂ ᠡᠲᠡᠭᠡᠷ ᠨᠢ ᠴᠥᠮ ᠢᠳᠡᠰᠢᠨ ᠨᠣᠭᠤᠭ᠎ᠠ ᠶᠢᠨ ᠠᠮᠲᠠ ᠰᠠᠶᠢᠲᠠᠢ ᠪᠠᠶᠢᠬᠤ ᠶᠢᠨ ᠵᠠᠩᠭᠢᠯᠠᠭ᠎ᠠ ᠪᠣᠯᠣᠨ᠎ᠠ ᠭᠡᠵᠡᠢ᠃      ᠣᠶᠢᠷ᠎ᠠ ᠶᠢᠨ ᠵᠢᠯ ᠠᠴᠠ᠂ ᠲᠤᠭᠳᠠᠬᠤ ᠰᠢᠶᠠᠨ ᠲᠥᠬᠦᠭᠡᠷᠦᠮᠵᠢᠲᠦ ᠲᠠᠷᠢᠶᠠᠯᠠᠩ ᠤᠨ ᠣᠷᠣᠭᠤᠯᠤᠯᠲᠠ ᠪᠠᠨ ᠨᠡᠮᠡᠭᠳᠡᠭᠦᠯᠵᠦ᠂ ᠢᠳᠡᠰᠢᠨ ᠨᠣᠭᠤᠭ᠎ᠠ ᠶᠢᠨ ᠲᠠᠷᠢᠮᠠᠯ ᠤᠨ ᠦᠢᠯᠡᠰ ᠢ ᠶᠡᠬᠡᠪᠡᠷ ᠬᠥᠭᠵᠢᠭᠦᠯᠵᠦ᠂ ᠪᠦᠬᠦ ᠰᠢᠶᠠᠨ ᠳᠤ ᠲᠥᠬᠦᠭᠡᠷᠦᠮᠵᠢᠲᠦ ᠲᠠᠷᠢᠶᠠᠯᠠᠩ ᠤᠨ ᠡᠵᠡᠩᠨᠡᠯᠲᠡ ᠶᠢᠨ ᠠᠵᠤ ᠠᠬᠤᠶᠢᠯᠠᠯ 9 ᠪᠠᠶᠢᠵᠤ᠂ ᠨᠡᠶᠢᠳᠡ 1222 ᠰᠠᠭᠤᠷᠢ ᠬᠦᠯᠡᠮᠵᠢ᠂ ᠴᠡᠪᠡᠷ ᠦᠢᠯᠡᠳᠪᠦᠷᠢᠯᠡᠯ ᠤᠨ ᠲᠠᠯᠠᠪᠠᠢ 2115. 5 ᠮᠦ᠂ ᠵᠠᠳᠠᠭᠠᠢ ᠭᠠᠵᠠᠷ ᠤᠨ ᠢᠳᠡᠰᠢᠨ ᠨᠣᠭᠤᠭ᠎ᠠ ᠲᠠᠷᠢᠬᠤ ᠲᠠᠯᠠᠪᠠᠢ 6100 ᠮᠦ᠂ ᠢᠳᠡᠰᠢᠨ ᠨᠣᠭᠤᠭ᠎ᠠ ᠶᠢᠨ ᠭᠠᠷᠤᠯᠲᠠ ᠪᠠᠷᠤᠭ 22023 ᠲᠣᠨ ᠪᠠᠶᠢᠵᠤ᠂ ᠲᠠᠷᠢᠶᠠᠴᠢᠳ ᠤᠨ ᠵᠢᠯ ᠤᠨ ᠣᠷᠣᠯᠭ᠎ᠠ ᠶᠢ 1.167 ᠳ᠋ᠦᠩᠰᠢᠭᠤᠷ ᠲᠥᠭᠦᠷᠢᠭ ᠨᠡᠮᠡᠭᠳᠡᠭᠦᠯᠪᠡ᠃ ᠨᠢᠳᠦ ᠳᠦᠭᠦᠷᠡᠩ ᠰᠢᠨ᠎ᠡ ᠰᠣᠷᠭᠤᠭ ᠢᠳᠡᠰᠢᠨ ᠨᠣᠭᠤᠭ᠎ᠠ ᠬᠥᠮᠥᠰ ᠤᠨ ᠬᠤᠭᠤᠯᠠᠨ ᠰᠢᠷᠡᠭᠡ ᠶᠢ ᠲᠤᠶᠢᠯ ᠤᠨ ᠶᠡᠭᠡ ᠪᠠᠷ ᠪᠠᠶᠠᠯᠢᠭᠵᠢᠭᠤᠯᠤᠭᠰᠠᠨ ᠤ ᠬᠠᠮᠲᠤ ᠨᠠᠮ ᠤᠨ ᠬᠤᠷᠢᠳᠤᠭᠠᠷ ᠶᠡᠭᠡ ᠬᠤᠷᠠᠯ ᠠᠴᠠ ᠳᠤᠷᠠᠳᠤᠭᠰᠠᠨ ︽ᠲᠣᠮᠣ ᠢᠳᠡᠭᠡᠨ ᠤ ᠦᠵᠡᠯᠲᠡ︾ ᠶᠢ ᠴᠦ ᠦᠢᠯᠡᠳᠦᠯᠭᠡᠵᠢᠭᠦᠯᠦᠭᠰᠡᠨ ᠪᠠᠶᠢᠨ᠎ᠠ᠃ᠭ᠊ ‍ᠥ᠋ᠮᠥᠰ ᠤᠨ ᠢᠳᠡᠭᠡᠨ ᠤ ︽ᠬᠡᠮᠵᠢᠶ᠎ᠡ︾ ᠶᠢᠨ ᠬᠡᠷᠡᠭᠴᠡᠭᠡ ᠶᠢ ᠬᠠᠩᠭᠠᠭᠰᠠᠨ ᠮᠥᠷᠲᠡᠭᠡᠨ ᠢᠳᠡᠭᠡᠨ ᠤ ︽ᠴᠢᠨᠠᠷ︾ ᠤᠨ ᠬᠦᠷᠲᠡᠭᠡᠯ ᠢ ᠪᠡᠶᠡᠯᠡᠭᠦᠯᠵᠦ᠂ ᠬᠥᠮᠥᠰ ᠤᠨ ᠵᠣᠯ ᠵᠢᠷᠭᠠᠯᠳᠦ ᠲᠥᠷᠥᠭᠳᠡᠯ ᠢ ᠦᠨᠡᠨ ᠬᠦ ᠳᠡᠭᠡᠭᠰᠢᠯᠡᠭᠦᠯᠵᠦ᠂ ᠢᠳᠡᠰᠢᠨ ᠨᠣᠭᠤᠭᠠᠨ ᠤ ᠫᠧᠩ ᠳᠤ ᠰᠢᠨ᠎ᠡ ᠠᠮᠢᠵᠢᠷᠠᠯ ᠤᠨ ᠬᠦᠴᠦᠨ ᠲᠠᠢ ᠪᠣᠯᠭᠠᠭᠰᠠᠨ ᠪᠠᠶᠢᠨ᠎ᠠ᠃
 
ᠢᠷᠡᠯᠲᠡ᠄ ᠲᠣᠭᠲᠠᠬᠤ ᠰᠢᠶᠠᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1