ᠭᠡᠵᠢᠭᠡ  ᠪᠤᠲᠤᠬᠤ ᠨᠢ ᠦᠰᠦ  ᠣᠨᠠᠵᠤ  ᠦᠮᠠᠨ ᠡᠬᠦᠰᠬᠡᠨ᠎ᠡ ᠤᠤ︖
ᠨᠡᠶᠢᠲᠡᠯᠡᠭᠰᠡᠨ ᠴᠠᠭ᠄
2022/9/3
        ᠬᠢᠮᠢ ᠶᠢᠨ ᠭᠡᠵᠢᠭᠡᠨ ᠪᠤᠳᠤᠭ ᠲᠠᠢ ᠬᠠᠷᠢᠴᠠᠭᠤᠯᠪᠠᠯ᠂ ᠤᠷᠭᠤᠮᠠᠯ ᠤᠨ ᠭᠡᠵᠢᠭᠡᠨ ᠪᠤᠳᠤᠭ ᠨᠡᠯᠢᠶᠡᠳ ᠠᠮᠤᠷ  ᠲᠦᠪᠰᠢᠨ ᠶᠤᠮ᠂ ᠲᠡᠷᠡ ᠨᠢ ᠭᠤᠣᠯᠳᠠᠭᠤ ᠪᠠᠶᠢᠭᠠᠯᠢ ᠶᠢᠨ ᠪᠦᠲᠦᠭᠡᠭᠳᠡᠬᠦᠨ ᠪᠣᠯᠤᠨ᠎ᠠ᠃ ᠬᠢᠮᠢ ᠶᠢᠨ ᠭᠡᠵᠢᠭᠡᠨ  ᠪᠤᠳᠤᠭ ᠲᠤ  ᠪᠦᠷ  ᠨᠢᠭᠡ‌ᠵᠣᠶᠢᠯ ᠤᠨ ᠬᠢᠮᠢ ᠶᠢᠨ ᠪᠣᠳᠠᠰ —ᠡᠰᠡᠷᠬᠦ ᠪᠧᠨ᠋ᠽᠧᠨ ᠤ ᠬᠤᠶᠠᠷᠴᠢ ᠠᠮᠢᠨ(对苯二胺)ᠠᠭᠤᠯᠳᠠᠭ᠃ 2017ᠣᠨ ᠤ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ  ᠪᠠᠶᠢᠭᠤᠯᠤᠯᠲᠠ ᠶᠢᠨ ᠣᠯᠠᠨ ᠤᠯᠤᠰ ᠤᠨ ᠥᠮᠡᠨ ᠡᠪᠡᠳᠴᠢᠨ ᠤ ᠰᠤᠳᠤᠯᠭᠠᠨ ᠤ ᠪᠠᠶᠢᠭᠤᠯᠤᠮᠵᠢ ᠶᠢᠨ  ᠨᠡᠶᠢᠲᠡᠯᠡᠭᠰᠡᠨ ᠥᠮᠡᠨ ᠡᠭᠦᠰᠭᠡᠬᠦ  ᠪᠣᠳᠠᠰ ᠤᠨ ᠲᠣᠳᠣᠷᠬᠠᠶ ᠪᠠᠶᠢᠴᠠᠭᠠᠯᠳᠠ ᠶᠢ ᠦᠨᠳᠦᠰᠦᠯᠡᠪᠡᠯ᠂ ᠡᠨᠡᠬᠦ ᠬᠢᠮᠢ ᠶᠢᠨ ᠪᠣᠳᠠᠰ —ᠡᠰᠡᠷᠬᠦ ᠪᠧᠨ᠋ᠽᠧᠨ ᠤ ᠬᠤᠶᠠᠷᠴᠢ ᠠᠮᠢᠨ ᠨᠢ ᠭᠤᠷᠪᠠᠳᠤᠭᠠᠷ ᠲᠥᠷᠥᠯ ᠤᠨ ᠥᠮᠡᠨ ᠡᠭᠦᠰᠭᠡᠭᠴᠢ ᠪᠣᠳᠠᠰ ᠮᠥᠨ᠂ ᠲᠤᠬᠠᠶᠢᠯᠠᠪᠠᠯ ᠣᠷᠳᠣ ᠬᠤᠭᠤᠴᠠᠭ᠎ᠠ ᠪᠠᠷ ᠣᠶᠢᠷᠠᠲᠤᠪᠠᠯ ᠥᠮᠡᠨ ᠡᠭᠦᠰᠭᠡᠬᠦ  ᠲᠦᠭᠰᠢᠭᠦᠷᠢ ᠲᠠᠢ᠃ ᠬᠠᠶᠠ ᠦᠰᠦ ᠪᠤᠳᠤᠬᠤ  ᠳᠤ ᠥᠮᠡᠨ ᠡᠭᠦᠰᠭᠡᠬᠦ ᠥᠬᠡᠶ᠂ ᠭᠡᠪᠡᠴᠦ ᠬᠤᠶᠢᠬ᠎ᠠ ᠮᠠᠭᠤᠲᠠᠢ  ᠬᠥᠮᠦᠰ  ᠭᠡᠵᠢᠭᠡ ᠪᠠᠨ  ᠪᠤᠳᠤᠬᠤ ᠦᠶ᠎ᠡ ᠳᠤ ᠬᠠᠷᠰᠢᠬᠤ ᠦᠵᠡᠭᠳᠡᠯ ᠭᠠᠷᠴᠤ ᠮᠡᠳᠡᠨ᠎ᠡ᠃              ᠭᠡᠵᠢᠭᠡ ᠪᠣᠳᠣᠬᠤ ᠨᠢ ᠦᠨᠡᠬᠡᠷ ᠭᠡᠵᠢᠭᠡ ᠤᠨᠠᠬᠤ ᠠᠶᠤᠯ ᠢ ᠨᠡᠮᠡᠭᠳᠡᠭᠦᠯᠦᠨ᠎ᠡ᠃ ᠦᠰᠦ ᠪᠤᠳᠤᠬᠤ  ᠡᠳ᠋ ᠲᠠᠬᠢ ᠬᠢᠮᠢ ᠶᠢᠨ ᠪᠣᠳᠠᠰ ᠨᠢ ᠨᠡᠯᠢᠶᠡᠳ ᠴᠢᠩᠭ᠎ᠠ ᠰᠡᠲᠦᠯᠲᠡ ᠶᠢᠨ ᠴᠢᠨᠠᠷᠲᠠᠶ᠂ ᠳᠠᠬᠢᠨ ᠳᠠᠪᠲᠠᠨ ᠦᠰᠦ  ᠪᠤᠳᠤᠬᠤ ᠨᠢ ᠬᠤᠶᠢᠬ᠎ᠠ ᠪᠠ ᠦᠰᠦᠨ ᠰᠦᠪᠡ ᠶᠢᠨ ᠦᠷᠪᠢᠰᠦᠯ ᠢ ᠡᠭᠦᠰᠭᠡᠵᠦ ᠮᠡᠳᠡᠨ᠎ᠡ᠂ ᠤᠳᠠᠭᠠᠨ ᠳᠠᠭᠠᠨ ᠦᠰᠦᠨ ᠰᠦᠪᠡ ᠬᠵᠠᠭᠠᠭᠳᠠᠵᠤ᠂ ᠦᠰᠦ ᠨᠠᠷᠢᠰᠴᠤ᠂ ᠦᠰᠦ ᠤᠨᠠᠬᠤ ᠲᠦᠭᠰᠢᠭᠦᠷᠢ ᠶᠢ ᠨᠡᠮᠡᠭᠳᠡᠭᠦᠯᠦᠨ᠎ᠡ᠃              ᠪᠠᠶᠢᠩᠭᠤ ᠶᠢᠨ ᠴᠢᠨᠠᠷᠲᠠᠶ ᠭᠡᠵᠢᠭᠡᠨ  ᠪᠤᠳᠤᠭ ᠢ ᠬᠡᠷᠡᠭᠯᠡᠬᠦ ᠳᠤ᠂  ᠬᠢᠮᠢ ᠶᠢᠨ ᠪᠣᠳᠠᠰ ᠨᠢ ᠦᠰᠦᠨ ᠤ  ᠡᠪᠡᠷᠯᠢᠭ ᠳᠠᠪᠬᠤᠷᠭ᠎ᠠ ᠶᠢ ᠨᠡᠭᠡᠭᠡᠳᠡᠭ᠂ ᠭᠡᠬᠦ ᠳᠤ ᠡᠪᠡᠷᠯᠢᠭ ᠳᠠᠪᠬᠤᠷᠭ᠎ᠠ ᠨᠢ ᠬᠠᠷᠢᠨ ᠭᠡᠵᠢᠭᠡᠨ ᠤ ᠲᠦᠷᠦᠯᠬᠢ ᠬᠠᠮᠠᠭᠠᠯᠠᠯᠲᠠ ᠶᠢᠨ ᠳᠠᠪᠬᠤᠷᠭ᠎ᠠ ᠪᠤᠯᠤᠨ᠎ᠠ᠂ ᠲᠡᠭᠦᠨ ᠤ ᠡᠪᠳᠡᠭᠳᠡᠯ ᠨᠢ ᠦᠰᠦᠨ ᠤ ᠡᠳ᠋ ᠲᠤ ᠮᠠᠰᠢ ᠶᠡᠭᠡ  ᠬᠤᠬᠢᠷᠠᠯ ᠤᠴᠠᠷᠠᠭᠤᠯᠳᠠᠭ᠃  ᠪᠤᠳᠤᠭᠳᠠᠮᠠᠬᠠᠶ ᠡᠳ᠋ ᠳᠣᠲᠣᠷᠠᠬᠢ ᠹᠧᠨᠢᠯ ᠤᠨ ᠲᠥᠷᠥᠯ ᠤᠨ ᠣᠷᠭᠠᠨᠢᠭ ᠪᠣᠳᠠᠰ ᠨᠢ ᠲᠣᠯᠣᠭᠠᠶ ᠶᠢᠨ  ᠬᠤᠶᠢᠬ᠎ᠠ ᠪᠠᠷ  ᠳᠡᠮᠵᠢᠨ  ᠬᠥᠮᠦᠨ ᠤ  ᠪᠡᠶ᠎ᠡ ᠳᠤ ᠣᠷᠣᠵᠤ᠂ ᠴᠢᠰᠤ ᠪᠦᠲᠦᠭᠡᠬᠦ ᠭᠤᠤᠯ ᠡᠰ ᠲᠤ ᠬᠤᠬᠢᠷᠠᠯ ᠤᠴᠠᠷᠠᠭᠤᠯᠵᠤ᠂ ᠴᠢᠰᠤᠨ ᠤ ᠰᠢᠰᠲ᠋ᠧᠮ ᠤᠨ ᠡᠪᠡᠳᠴᠢᠨ ᠢ ᠡᠭᠦᠰᠭᠡᠵᠦ ᠮᠡᠳᠡᠨ᠎ᠡ᠃            ᠶᠠᠮᠠᠷ  ᠬᠥᠮᠦᠰ  ᠦᠰᠦ  ᠪᠤᠳᠤᠬᠤ ᠳᠤ  ᠲᠣᠬᠢᠷᠠᠬᠤ  ᠦᠭᠡᠢ  ᠪᠣᠢ︖ ᠲᠣᠯᠣᠭᠠᠢ ᠶᠢᠨ ᠬᠤᠶᠢᠬ᠎ᠠ ᠪᠠ  ᠠᠷᠠᠰᠤ ᠬᠦᠷᠦᠰᠤ ᠨᠢ ᠬᠠᠷᠰᠢᠮᠲᠤᠭᠠᠢ ᠬᠥᠮᠦᠰ᠂ ᠠᠷᠠᠰᠤ ᠨᠢ ᠭᠡᠮᠲᠦᠭᠰᠡᠳ᠂ ᠵᠢᠷᠮᠦᠰᠦᠨ ᠡᠮᠡᠭᠲᠡᠢ ᠪᠠ ᠬᠥᠬᠦᠭᠦᠯ  ᠡᠮᠡᠭᠲᠡᠶᠢᠴᠦᠳ᠂ ᠨᠠᠰᠤᠲᠠᠶᠢᠴᠤᠳ ᠪᠠ ᠡᠯᠢᠭᠡ ᠪᠥᠭᠡᠷ᠎ᠡ ᠮᠠᠭᠤᠲᠠᠢ ᠬᠥᠮᠦᠰ ᠦᠰᠦ ᠪᠤᠳᠤᠬᠤ ᠳᠤ ᠲᠣᠬᠢᠷᠠᠬᠤ ᠦᠭᠡᠢ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1