ᠠᠩᠬᠠᠷ︕ ᠡᠶᠢᠮᠦ App ᠪᠠᠷ ᠵᠣᠭᠤᠰ ᠮᠡᠬᠡᠯᠡᠵᠦ ᠪᠠᠶᠢᠨ᠎ᠠ
ᠨᠡᠶᠢᠲᠡᠯᠡᠭᠰᠡᠨ ᠴᠠᠭ᠄
2022/9/16
       ᠣᠶᠢᠷ᠎ᠡ ᠳᠤ ᠨᠢᠬᠡ App ᠳᠡᠭᠡᠷ᠎ᠡ ︽29.9 ᠲᠥᠭᠦᠷᠢᠭ ᠴᠡᠨᠡᠭᠯᠡᠪᠡᠯ 100 ᠲᠥᠭᠦᠷᠢᠭ ᠤᠨ ᠭᠠᠷ  ᠤᠲᠠᠰᠤᠨ ‍ᠤ‌‍ᠰᠦ᠋ᠢᠳᠬᠡᠯ ᠥᠭᠭᠦᠨ᠎ᠡ︾ ᠬᠡᠬᠦ ᠵᠠᠷ ᠰᠣᠷᠳᠠᠯᠴᠢᠯᠠᠭ᠎ᠠ ᠬᠢᠵᠦ᠂ ︽ᠦᠨ᠎ᠡ ᠦᠭᠡᠢ ᠶᠠᠭᠤᠮᠠᠨ ᠳᠤ ᠨᠤᠭᠤᠰᠤ ᠦᠭᠡᠢ  ︾ ᠵᠠᠷᠢᠮ ᠬᠡᠷᠡᠭᠯᠡᠭᠴᠢ ᠮᠡᠬᠡᠯᠡᠭᠴᠢ ᠶᠢᠨ ᠤᠷᠠᠬᠠᠨ ᠳᠤ ᠤᠨᠠᠬᠤ ᠰᠢᠬᠠᠭᠰᠠᠨ ᠪᠠᠶᠢᠨ᠎ᠠ᠃         ᠣᠶᠢᠯᠠᠭᠠᠭᠰᠠᠨ ᠢᠶᠠᠷ᠂ ᠡᠨᠡ APP ᠶᠢ ᠠᠰᠢᠬᠯᠠᠬᠤ ᠬᠡᠪᠡᠯ ᠤᠷᠢᠳᠠᠪᠠᠷ ᠭᠠᠷ ᠤᠲᠠᠰᠤᠨ ᠳᠠᠭᠠᠨ 2000 ᠲᠥᠭᠦᠷᠢᠭ ᠤᠨ ᠰᠦᠢᠳᠬᠡᠯ ᠴᠡᠨᠡᠭᠯᠡᠬᠦ ᠪᠤᠶᠤ ᠡᠰᠡᠬᠦᠯ᠎ᠡ 20 ᠰᠠᠷ᠎ᠠ ᠶᠢᠨ ᠬᠡᠰᠢᠬᠦᠨ ᠢᠶᠠᠷ ᠪᠦᠷᠢᠳᠬᠡᠬᠦᠯᠪᠡᠯ ᠰᠠᠶ᠋ᠢ ᠪᠤᠯᠬᠤ ᠶᠤᠮ ᠪᠠᠶᠢᠨ᠎ᠠ᠃                                    ᠬᠠᠤᠯᠢᠴᠢ ᠶᠢᠨ ᠬᠡᠯᠡᠬᠦ ᠪᠠᠷ᠂ ᠡᠶᠢᠮᠦᠷᠬᠦ ᠵᠠᠷ ᠰᠣᠷᠳᠠᠯᠴᠢᠯᠠᠭ᠎ᠠ ᠨᠢ ᠬᠤᠳᠠᠯ ᠬᠠᠭᠤᠷᠮᠠᠭ ᠵᠠᠷ ᠰᠤᠷᠲᠠᠯᠴᠢᠯᠠᠭ᠎ᠠ  ᠳᠤ ᠳᠣᠭᠠᠴᠠᠭᠳᠠᠬᠤ ᠪᠤᠯᠬᠤᠷ ᠬᠠᠮᠢᠶᠠᠳᠠᠢ ᠰᠠᠯᠠᠭ᠎ᠠ ᠮᠥᠴᠢᠷ ᠠᠴᠠ ᠰᠢᠢᠳᠬᠡᠯ ᠣᠯᠭᠤᠬᠤ ᠬᠡᠷᠡᠭᠳᠡᠢ ᠭᠡᠵᠡᠢ᠃                      ᠪᠡᠭᠡᠵᠢᠩ ᠤᠨ ᠶᠦᠠ ᠵᠢᠶᠠ ᠬᠠᠤᠯᠢᠴᠢ ᠶᠢᠨ ᠬᠡᠷᠡᠭ ᠡᠷᠬᠢᠯᠡᠬᠦ ᠭᠠᠵᠠᠷ ᠤᠨ ᠬᠠᠤᠯᠢᠴᠢ ᠵᠤᠤ ᠵᠠᠠ ᠯᠢᠩ ᠬᠡᠯᠡᠬᠦ  ᠳᠡᠭᠡᠨ᠂ 29.9 ᠲᠥᠭᠦᠷᠢᠭ ᠢᠶᠠᠷ 100 ᠲᠥᠭᠦᠷᠢᠭ ᠤᠨ ᠤᠲᠠᠰᠤᠨ ᠤ ᠵᠠᠷᠣᠳᠠᠯ ᠰᠣᠯᠢᠬᠤ ᠨᠢ ᠪᠣᠳᠠᠲᠤ  ᠪᠠᠶᠢᠳᠠᠯ  ᠲᠠᠢ  ᠨᠡᠶᠢᠴᠡᠬᠦ ᠦᠭᠡᠢ᠂ ᠡᠨᠡ ᠨᠢ ᠴᠢᠨᠠᠭᠰᠢᠯᠠᠪᠠᠯ ᠬᠡᠷᠡᠭᠯᠡᠭᠴᠢᠳ ᠢ ᠮᠡᠬᠡᠯᠡᠬᠦ ᠤᠷᠠᠬ᠎ᠠ ᠪᠠᠶᠢᠵᠦ ᠮᠡᠳᠡᠨ᠎ᠡ ᠭᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1