︽00︾ ᠪᠤᠶᠤ ︽+︾ ᠪᠠᠷ ᠡᠬᠢᠯᠡᠭᠰᠡᠨ ᠤᠲᠠᠰᠤ ᠪᠣᠯ ᠴᠥᠮ ᠬᠢᠯᠢ ᠶᠢᠨ ᠭᠠᠳᠠᠨᠠᠬᠢ ᠨᠣᠮᠧᠷ ᠪᠣᠯᠤᠨ᠎ᠠ᠂ | ᠮᠡᠬᠡᠯᠡᠭᠴᠢ ᠡᠲᠡᠭᠡᠷ ᠨᠣᠮᠧᠷ ᠢ ᠠᠰᠢᠭᠯᠠᠨ ᠴᠢᠮ᠎ᠠ ᠳᠤ ᠤᠲᠠᠰᠤᠳᠠᠵᠤ᠂ ᠥᠪᠡᠷ ᠢ ᠪᠠᠨ ᠲᠥᠷᠥ ᠶᠢᠨ ᠪᠠᠶᠢᠭᠤᠯᠭ᠎ᠠ ᠶᠢᠨ | ᠠᠵᠢᠯᠲᠠᠨ᠂ ᠡᠯᠧᠺᠲᠷᠣᠨ ᠬᠤᠳᠠᠯᠳᠤᠭᠠᠨ ᠤ ᠦᠢᠯᠡᠴᠢᠯᠡᠭᠡ᠂ ᠴᠢᠨᠦ ᠲᠠᠨᠢᠯ ᠬᠥᠮᠦᠨ ᠪᠤᠶᠤ ᠤᠳᠤᠷᠢᠳᠤᠯᠭ᠎ᠠ ᠭᠡᠵᠦ | ᠬᠤᠳᠠᠯ ᠬᠡᠯᠡᠳᠡᠭ ᠪᠠᠶᠢᠨ᠎ᠠ᠂ ᠶᠠᠭᠠᠬᠢᠭᠰᠠᠨ ᠴᠤ ᠢᠲᠡᠭᠡᠵᠦ ᠪᠣᠯᠬᠤ ᠥᠬᠡᠶ︕ | ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠶᠠᠮᠤᠨ ᠤ ᠬᠤᠯᠪᠣᠭᠳᠠᠯ ᠪᠦᠬᠦᠢ ᠲᠣᠭᠲᠠᠭᠠᠯ ᠢ | ᠦᠨᠳᠦᠰᠦᠯᠡᠨ ᠬᠢᠯᠢ ᠶᠢᠨ ᠭᠠᠳᠠᠨᠠᠬᠢ ᠤᠲᠠᠰᠤ ᠮᠠᠨ ᠤ ᠤᠯᠤᠰ ᠤᠨ ᠮᠡᠳᠡᠭᠡ ᠬᠤᠯᠪᠣᠭᠠᠨ ᠤ ᠰᠦᠯᠵᠢᠶ᠎ᠡ ᠳᠤ | ᠣᠷᠣᠬᠤ ᠳᠠᠭᠠᠨ ᠡᠷᠬᠡᠪᠰᠢ ᠳᠠᠭᠤᠳᠠᠭᠴᠢ ᠨᠣᠮᠧᠷ ᠤᠨ ᠡᠮᠦᠨ᠎ᠡ ᠤᠯᠠᠨ ᠤᠯᠤᠰ ᠤᠨ ᠲᠢᠲᠢᠮ ᠦᠰᠦᠭ ︽00︾ ︵ | ᠬᠡᠰᠡᠭ ᠭᠠᠷ ᠤᠲᠠᠰᠤ ᠨᠢ ᠡᠭᠦᠨ ᠢ ︽+︾ ᠭᠡᠵᠦ ᠤᠷᠴᠢᠭᠤᠯᠳᠠᠭ︶ ᠨᠡᠮᠡᠬᠦ ᠬᠡᠷᠡᠭᠲᠡᠶ ᠪᠥᠭᠡᠳ ᠳᠠᠮᠵᠢᠭᠤᠯᠬᠤ | ᠶᠠᠪᠤᠴᠠ ᠳᠤ ᠲᠤᠰ ᠲᠢᠲᠢᠮ ᠦᠰᠦᠭ ᠢ ᠬᠠᠰᠤᠬᠤ ᠶᠢ ᠴᠢᠩᠭ᠎ᠠ ᠬᠤᠷᠢᠲᠠᠭ᠃ ᠣᠲᠣ ᠮᠠᠰᠢ ᠣᠯᠠᠨ ᠶᠠᠯᠠᠲᠤ ᠡᠲᠡᠭᠡᠳ | ᠬᠢᠯᠢ ᠶᠢᠨ ᠭᠠᠳᠠᠨ᠎ᠠ ᠨᠢᠭᠤᠭᠳᠠᠵᠤ ᠪᠠᠶᠢᠨ᠎ᠠ᠂ ᠲᠠᠳᠠ ᠬᠠᠤᠯᠢ ᠪᠤᠰᠤ ᠠᠷᠭ᠎ᠠ ᠵᠠᠮ ᠢᠶᠠᠷ ᠬᠤᠪᠢ ᠬᠥᠮᠦᠨ ᠤ ᠮᠡᠳᠡᠭᠡ | ᠵᠠᠩᠭᠢ ᠶᠢ ᠶᠡᠭᠡ ᠬᠡᠮᠵᠢᠶ᠎ᠡ ᠪᠠᠷ ᠬᠤᠳᠠᠯᠳᠤᠨ ᠠᠪᠴᠤ᠂ ᠬᠢᠯᠢ ᠶᠢᠨ ᠭᠠᠳᠠᠨ᠎ᠠ ᠰᠦᠯᠵᠢᠶᠡᠨ ᠤ ᠬᠡᠶᠢᠰᠪᠦᠷᠢ ᠨᠣᠮᠧᠷ ᠢ | ᠠᠰᠢᠭᠯᠠᠨ ᠵᠣᠴᠢᠳ ᠢᠶᠠᠷ ᠣᠪᠯᠠᠬᠤ᠂ ᠳᠣᠲᠣᠭᠠᠳᠤ ᠶᠢ ᠬᠠᠮᠠᠭᠠᠯᠠᠬᠤ᠂ ᠪᠠᠶᠢᠴᠠᠭᠠᠬᠤ᠂ ᠰᠢᠭᠦᠬᠦ ᠪᠠᠶᠢᠭᠤᠯᠭ᠎ᠠ᠂ | ᠣᠷᠣᠯᠠᠨ ᠭᠦᠢᠴᠡᠳᠭᠡᠬᠦ ᠵᠢᠭᠡᠯᠡᠯᠭᠡ ᠪᠠᠷ ᠣᠪᠯᠠᠬᠤ ᠵᠡᠷᠭᠡ ᠲᠥᠷᠥᠯ ᠬᠡᠯᠪᠡᠷᠢ ᠶᠢᠨ ᠮᠡᠬᠡᠯᠡᠯ ᠶᠠᠪᠤᠭᠤᠯᠵᠤ ᠪᠠᠶᠢᠨ᠎ᠠ᠂ | ᠲᠣᠰ ᠲᠥᠷᠥᠯ ᠤᠨ ᠨᠣᠮᠧᠷ ᠤᠨ ᠣᠨᠴᠠᠯᠢᠭ ᠨᠢ ᠴᠥᠮ ︽00︾ ᠪᠤᠶᠤ ︽+︾ ᠣᠯᠠᠨ ᠤᠯᠤᠰ ᠤᠨ ᠲᠢᠲᠢᠮ | ᠥᠰᠥᠭ ᠲᠠᠢ ᠪᠠᠶᠢᠳᠠᠭ᠃ | |