ᠡᠶᠢᠮᠦ 5 ᠵᠦᠢᠯ ᠤᠨ ᠵᠢᠷᠤᠭ ᠰᠡᠭᠦᠳᠡᠷ ᠢ ᠶᠠᠭᠠᠬᠢᠭᠰᠠᠨ ᠴᠦ ᠨᠡᠶᠢᠲᠡᠯᠡᠵᠦ ᠪᠣᠯᠬᠤ ᠦᠭᠡᠢ︕
ᠨᠡᠶᠢᠲᠡᠯᠡᠭᠰᠡᠨ ᠴᠠᠭ᠄
2022/7/4
    ᠨᠠᠶᠢᠵᠠ ᠶᠢᠨ ᠲᠣᠭᠤᠷᠢᠭ ᠲᠤ ᠡᠶᠢᠮᠦᠷᠬᠦ 5 ᠵᠦᠢᠯ ᠤᠨ ᠬᠡᠷᠡᠯ ᠵᠢᠷᠤᠭ ᠢ ᠪᠢᠲᠡᠭᠡᠢ ᠨᠡᠶᠢᠲᠡᠯᠡᠭᠡᠷᠡᠢ  ᠬᠡᠵᠦ ᠣᠶᠢᠷ᠎ᠠ ᠳᠤ ᠵᠢᠶᠠᠩᠮᠧᠨ ᠤ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠯᠪᠠᠨ ᠤ ᠰᠦᠯᠵᠢᠶᠠᠨ ᠳᠡᠭᠡᠨ  ᠮᠡᠳᠡᠭᠳᠡᠯ ᠨᠡᠶᠢᠲᠡᠯᠡᠵᠦ ᠣᠯᠠᠨ ᠳᠤ ᠰᠠᠨᠠᠭᠤᠯᠤᠭᠰᠠᠨ ᠪᠠᠶᠢᠨ᠎ᠠ᠃              ᠡᠨᠡ 5 ᠲᠥᠷᠥᠯ ᠤᠨ ᠬᠡᠷᠡᠯ ᠵᠢᠷᠤᠭ ᠲᠤ᠄             1. ᠭᠠᠯᠲᠤ ᠲᠡᠷᠭᠡᠨ ᠤ ᠪᠢᠯᠧᠲ᠂ ᠨᠢᠰᠬᠡᠯ ᠤᠨ ᠪᠢᠯᠧᠲ᠂ ᠨᠢᠰᠬᠡᠯ ᠳᠤ ᠭᠠᠷᠬᠤ ᠫᠠᠶᠢᠰᠠ᠃ ᠤᠴᠢᠷ ᠨᠢ QR ᠺᠣᠳ᠋ ᠪᠤᠶᠤ ᠵᠢᠷᠤᠭᠠᠰᠤᠨ ᠺᠣᠳ᠋ ᠲᠤ ᠬᠤᠪᠢ ᠬᠥᠮᠥᠨ ᠤ ᠮᠡᠳᠡᠭᠡ ᠵᠠᠩᠭᠢ ᠪᠠᠶᠢᠳᠠᠭ᠃             2. ᠭᠡᠷ ᠤᠨ ᠡᠭᠦᠳᠡᠨ ᠤ ᠲᠦᠯᠬᠢᠭᠦᠷ ᠤᠨ ᠭᠡᠷᠡᠯ ᠵᠢᠷᠤᠭ᠃ ᠪᠦᠲᠦᠴᠡ ᠨᠢ ᠪᠤᠳᠤᠯᠢᠶᠠᠨᠲᠠᠢ ᠪᠢᠰᠢ ᠪᠣᠯ ᠭᠡᠷᠡᠯ ᠵᠢᠷᠤᠭ ᠢ ᠦᠨᠳᠦᠰᠦᠯᠡᠨ ᠲᠦᠯᠬᠢᠭᠦᠷ ᠲᠠᠭᠠᠷᠠᠭᠤᠯᠵᠤ ᠴᠢᠳᠠᠳᠠᠭ ᠶᠤᠮ ᠪᠠᠶᠢᠨ᠎ᠠ᠃             3. ᠦᠪᠡᠷ ᠶᠢᠨ ᠪᠠᠶᠢᠭ᠎ᠠ ᠣᠷᠣᠨ ᠪᠠᠶᠢᠷᠢ᠃ ᠬᠤᠪᠢ ᠬᠥᠮᠥᠨ ᠤ ᠣᠷᠣᠨ ᠰᠠᠭᠤᠴᠠ ᠪᠠᠨ ᠠᠮᠠᠷᠬᠠᠨ ᠮᠡᠳᠡᠭᠳᠡᠨ᠎ᠡ᠃             4. ᠪᠡᠶ᠎ᠡ ᠶᠢᠨ ᠦᠨᠡᠮᠯᠡᠯ᠂ ᠫᠠᠰᠫᠣᠷᠲ᠂ ᠵᠢᠯᠣᠭᠤᠴᠢ   ᠶᠢᠨ  ᠦᠨᠡᠮᠯᠡᠯ  ᠪᠤᠶᠤ  ᠲᠡᠷᠭᠡᠨ  ᠨᠤᠮᠧᠷ᠃  ᠦᠭᠡᠢ ᠪᠤᠯ ᠬᠤᠪᠢ ᠶᠢᠨ ᠨᠢᠭᠤᠴᠠ ᠪᠠᠨ ᠠᠯᠳᠠᠬᠤ ᠮᠦᠷᠳᠡᠬᠡᠨ ᠪᠠᠰᠠ ᠬᠠᠭᠤᠷᠮᠠᠭ ᠭᠡᠷᠡᠴᠢ ᠦᠨᠡᠮᠯᠡᠯ ᠬᠢᠳᠡᠭ  ᠡᠳᠡᠬᠡᠳ ᠲᠤ  ᠠᠰᠢᠬᠯᠠᠬᠳᠠᠵᠦ ᠮᠡᠳᠡᠨ᠎ᠡ᠃             5. ᠨᠠᠰᠤᠲᠠᠨ ᠪᠣᠯᠣᠨ ᠬᠡᠦᠬᠡᠳ ᠤᠨ ᠵᠢᠷᠤᠭ᠃ ᠬᠠᠤᠯᠢ ᠪᠤᠰᠤ ᠡᠲᠡᠭᠡᠳ ᠲᠤ ᠳᠠᠨᠢᠬᠳᠠᠬᠤ ᠠᠴᠠ  ᠪᠤᠯᠭᠤᠮᠵᠢᠯᠠᠬᠤ ᠬᠡᠷᠡᠭᠳᠡᠢ᠃
 
ᠢᠷᠡᠯᠲᠡ᠄ ᠲᠤᠭᠳᠠᠬᠤ ᠰᠢᠶᠠᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1