ᠬᠦᠵᠦᠭᠦᠨ ᠤ ᠦᠷᠴᠢᠯᠡᠭᠡᠰᠦ ᠶᠢ ᠶᠠᠭᠠᠬᠢᠵᠤ ᠪᠠᠭᠠᠰᠬᠠᠬᠤ ᠪᠣᠢ︖
ᠨᠡᠶᠢᠲᠡᠯᠡᠭᠰᠡᠨ ᠴᠠᠭ᠄
2022/3/22
      ᠡᠮᠡᠭᠲᠡᠢ ᠬᠥᠮᠥᠨ ᠠᠷᠠᠰᠤ ᠮᠢᠬ᠎ᠠ ᠪᠠᠨ ᠠᠷᠠᠴᠢᠯᠠᠬᠤ ᠦᠶ᠎ᠡ ᠳᠤ ᠬᠦᠵᠦᠭᠦᠨ ᠤ ᠦᠷᠴᠢᠯᠡᠭᠡᠰᠦ ᠶᠢ  ᠠᠮᠠᠷᠬᠠᠨ ᠣᠮᠲᠣᠭᠠᠶᠢᠯᠠᠳᠠᠭ᠃ ᠲᠤᠰᠬᠠᠢ ᠭᠤᠸ᠎ᠠ ᠵᠠᠰᠠᠯ ᠬᠢᠭᠴᠢ ᠵᠣᠣ ᠯᠢ ᠰᠠᠨᠠᠭᠤᠯᠬᠤ ᠳᠠᠭᠠᠨ᠂ ᠣᠨᠴᠠᠭᠠᠶᠢᠯᠠᠨ ᠭᠠᠷ ᠤᠲᠠᠰᠤ ᠱᠠᠭᠠᠶᠢᠳᠠᠭ ᠬᠥᠮᠥᠰ ᠲᠤ ᠠᠪᠴᠤ ᠬᠡᠯᠡᠪᠡᠯ᠂ ᠬᠦᠵᠦᠭᠦᠨ ᠳᠤ ᠦᠷᠴᠢᠯᠡᠭᠡᠰᠦ ᠰᠠᠭᠤᠬᠤ ᠨᠢ ᠨᠠᠩ ᠡᠷᠲᠡ ᠪᠠᠶᠢᠵᠤ ᠮᠡᠳᠡᠨ᠎ᠡ ᠭᠡᠵᠡᠢ᠃                      ᠨᠡᠷᠡᠨ ᠤ  ᠭᠡᠷᠡᠯ᠂ ᠦᠷᠦᠯᠳᠦᠬᠦ᠂ ᠤᠷᠲᠤ ᠬᠤᠭᠤᠴᠠᠭ᠎ᠠ ᠲᠣᠯᠣᠭᠠᠢ ᠪᠥᠬᠦ᠋ᠢᠬᠦ   ᠨᠢ   ᠪᠦᠷ  ᠬᠦᠵᠦᠭᠦᠨ ᠤ ᠦᠷᠴᠢᠯᠡᠭᠡᠰᠦ ᠶᠢ ᠪᠤᠶ ᠪᠣᠯᠭᠠᠳᠠᠭ᠂ ᠡᠶᠢᠮᠦ ᠠᠴᠠ ᠬᠦᠵᠦᠭᠦᠦ ᠳᠡᠭᠡᠨ ᠴᠢᠭᠢᠭ ᠢ ᠬᠠᠮᠠᠭᠠᠯᠠᠬᠤ ᠪᠠ ᠨᠡᠷᠡᠨ ᠳᠤ ᠰᠢᠷᠠᠭᠳᠠᠬᠤ ᠠᠴᠠ ᠰᠡᠷᠭᠡᠶᠢᠯᠡᠬᠦ ᠰᠤᠪᠢᠯᠠᠯᠲᠠ ᠬᠢᠬᠦ ᠬᠡᠷᠡᠭᠲᠡᠢ᠃ ᠬᠡᠷᠪᠡ ᠬᠦᠵᠦᠭᠦᠨ ᠤ ᠬᠡᠰᠡᠭ ᠤᠨ ᠪᠤᠯᠴᠢᠩ ᠰᠤᠯᠠᠷᠠᠬᠤ ᠳᠤ ᠬᠦᠷᠪᠡᠯ᠂ ᠠᠮᠠᠷᠬᠠᠨ‌ᠦᠷᠴᠢᠯᠡᠭᠡᠰᠦ ᠰᠠᠭᠤᠨ᠎ᠠ᠂ ᠡᠶᠢᠮᠦ ᠠᠴᠠ ᠬᠦᠵᠦᠭᠦᠨ ᠤ ᠪᠤᠯᠴᠢᠩ ᠢᠶᠠᠨ ᠪᠠᠰᠠ ᠪᠣᠯᠪᠠᠰᠤᠷᠠᠬᠤ ᠴᠢᠬᠤᠯᠠᠲᠠᠢ᠃ ᠡᠩ ᠤᠨ ᠠᠮᠢᠳᠤᠷᠠᠯ ᠳᠤᠮᠳᠠ ᠪᠠᠨ ᠬᠦᠵᠦᠭᠦᠨ ᠤ ᠪᠤᠯᠴᠢᠩ ᠢᠶᠠᠨ ᠠᠩᠬᠠᠷᠴᠤ᠂ ᠠᠰᠬᠠᠨ ᠰᠠᠭᠤᠵᠤ᠂ ᠬᠦᠵᠦᠭᠦᠨ ᠤ ᠪᠤᠯᠴᠢᠩ ᠢᠶᠠᠨ ᠰᠤᠩᠭᠠᠬᠤ ᠶᠢ ᠠᠩᠬᠠᠷᠤᠨ᠎ᠠ᠃  ᠬᠡᠳᠦᠶᠢᠪᠡᠷ ᠲᠤᠶᠢᠯ ᠤᠨ ᠳᠥᠭᠦᠮ ᠬᠥᠳᠡᠯᠭᠡᠭᠡᠨ ᠪᠣᠯᠪᠠᠴᠤ ᠪᠠᠷᠢᠮᠳᠠᠯᠠᠭᠠᠳ ᠪᠠᠶᠢᠪᠠᠯ ᠬᠦᠵᠦᠭᠦᠨ ᠤ ᠦᠷᠴᠢᠯᠡᠭᠡᠰᠦ ᠶᠢ ᠪᠠᠭᠠᠰᠬᠠᠬᠤ ᠪᠠᠷ ᠪᠠᠷᠠᠬᠤ ᠦᠭᠡᠢ ᠪᠠᠰᠠ ᠬᠦᠵᠦᠭᠦᠨ ᠤ ᠠᠴᠢᠶᠠᠯᠠᠯ ᠢ ᠬᠥᠩᠭᠡᠷᠡᠭᠦᠯᠬᠦ ᠳᠤ ᠲᠤᠰᠠ ᠪᠣᠯᠳᠠᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1