﹇ᠬᠤᠶᠠᠷ ᠬᠤᠷᠠᠯ﹈ ᠰᠢᠶᠠᠨ ᠤ ᠤᠯᠤᠰ ᠲᠥᠷᠥ ᠶᠢᠨ ᠵᠥᠪᠯᠡᠯᠭᠡᠨ ᠤ ᠠᠷᠪᠠᠳᠤᠭᠠᠷ ᠬᠤᠭᠤᠴᠠᠭᠠᠨ ᠤ ᠠᠩᠬᠠᠳᠤᠭᠠᠷ ᠬᠤᠷᠠᠯᠳᠤᠭᠠᠨ ᠳᠤ ᠣᠷᠣᠯᠴᠠᠭᠰᠠᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠳ ᠳᠤᠭᠤᠶᠢᠯᠠᠩ ᠬᠤᠪᠢᠶᠠᠨ ᠶᠠᠷᠢᠯᠴᠠᠪᠠ
ᠨᠡᠶᠢᠲᠡᠯᠡᠭᠰᠡᠨ ᠴᠠᠭ᠄
2022/1/5
      1 ᠳ᠋ᠤᠭᠡᠷ ᠰᠠᠷ᠎ᠠ ᠶᠢᠨ 4 ᠤ ᠡᠳᠦᠷ ᠤᠨ ᠦᠳᠡ ᠶᠢᠨ ᠬᠤᠶᠢᠨ᠎ᠠ᠂ ᠰᠢᠶᠠᠨ ᠤ ᠤᠯᠤᠰ ᠲᠦᠷᠦ ᠶᠢᠨ ᠵᠥᠪᠯᠡᠯᠭᠡᠨ ᠤ ᠠᠷᠪᠠᠳᠤᠭᠠᠷ ᠬᠤᠭᠤᠴᠠᠭᠠᠨ ᠤ ᠠᠩᠬᠠᠳᠤᠭᠠᠷ ᠬᠤᠷᠠᠯᠳᠤᠭᠠᠨ ᠳᠤ ᠣᠷᠣᠯᠴᠠᠭᠰᠠᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠳ ᠳᠤᠭᠤᠶᠢᠯᠠᠩ ᠬᠤᠪᠢᠶᠠᠨ ᠶᠠᠷᠢᠯᠴᠠᠪᠠ᠃ ᠰᠢᠶᠠᠨ ᠤ ᠨᠠᠮ ᠤᠨ ᠬᠤᠷᠢᠶᠠᠨ ᠤ ᠱᠦᠵᠢ ᠯᠢ ᠴᠦᠨ ᠶᠠᠨ ᠤ ᠡᠬᠢᠯᠡᠯᠲᠡ ᠶᠢᠨ ᠬᠤᠷᠠᠯ ᠳᠡᠭᠡᠷᠡᠬᠢ ᠶᠠᠷᠢᠶ᠎ᠠ ᠶᠢ ᠶᠠᠷᠢᠯᠴᠠᠵᠤ᠂ ︽ᠤᠯᠤᠰ ᠲᠦᠷᠦ ᠶᠢᠨ ᠵᠥᠪᠯᠡᠯᠭᠡᠨ ᠤ ᠪᠠᠶᠢᠩᠭᠤ ᠶᠢᠨ ᠬᠤᠷᠢᠶᠠᠨ ᠤ ᠠᠵᠢᠯ ᠤᠨ ᠢᠯᠡᠳᠬᠡᠯ︾᠂ ︽ᠰᠠᠨᠠᠯ ᠵᠥᠪᠯᠡᠯᠭᠡ ᠶᠢᠨ ᠠᠵᠢᠯ ᠤᠨ ᠮᠡᠳᠡᠭᠦᠯᠦᠯᠲᠡ︾ ᠶᠢ ᠬᠢᠨᠠᠨ ᠶᠠᠷᠢᠯᠴᠠᠪᠠ᠃ ᠰᠢᠶᠠᠨ ᠤ ᠤᠳᠤᠷᠢᠳᠤᠯᠭ᠎ᠠ ᠶᠦᠨ ᠷᠦᠢ ᠵᠢᠶᠦ᠋ᠨ᠂ ᠤᠶᠤᠨᠴᠡᠴᠡᠭ᠂ ᠯᠢ ᡁᠢ ᠫᠢᠩ᠂ ᠱᠢ ᠵᠢᠶᠠᠨ ᠵᠦᠩ᠂ ᠦ᠋ ᠵᠢᠶᠧ ᠲᠤᠰ ᠲᠤᠰ ᠳᠤᠭᠤᠶᠢᠯᠠᠩ ᠤᠨ ᠶᠠᠷᠢᠯᠴᠠᠭ᠎ᠠ ᠳᠤ ᠣᠷᠣᠯᠴᠠᠵᠠᠢ᠃
     ᠡᠯ᠎ᠡ ᠶᠠᠷᠢᠯᠴᠠᠬᠤ ᠳᠤᠭᠤᠶᠢᠯᠠᠩ ᠳᠤ᠂ ᠭᠡᠰᠢᠭᠦᠳ ᠲᠤᠰ ᠪᠡᠶ᠎ᠡ ᠶᠢᠨ ᠠᠵᠢᠯ ᠤᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠵᠤ᠂ ᠲᠤᠰ ᠲᠤᠰ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ᠂ ᠵᠠᠰᠠᠭ ᠤᠨ ᠶᠠᠪᠤᠳᠠᠯ ᠢ ᠵᠥᠪᠯᠡᠬᠦ᠂ ᠠᠷᠠᠳᠴᠢᠯᠠᠯ ᠢᠶᠠᠷ ᠬᠢᠨᠠᠯᠲᠠ ᠲᠠᠯᠪᠢᠬᠤ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠵᠡᠷᠭᠡ ᠲᠠᠯ᠎ᠠ ᠪᠠᠷ ᠥᠪᠡᠷ ᠥᠪᠡᠷ ᠤᠨ ᠰᠠᠨᠠᠯ ᠢᠶᠠᠨ ᠶᠠᠷᠢᠵᠤ᠂ ᠪᠤᠳᠤᠭᠰᠠᠨ ᠢᠶᠠᠨ ᠠᠭᠤᠵᠢᠷᠠᠲᠠᠯ᠎ᠠ ᠶᠠᠷᠢᠵᠤ᠂ ᠲᠤᠭᠳᠠᠬᠤ ᠰᠢᠶᠠᠨ ᠤ ᠴᠢᠨᠠᠷ ᠰᠠᠶᠢᠲᠠᠢ ᠬᠥᠭᠵᠢᠯᠲᠡ ᠶᠢ ᠬᠠᠮᠲᠤᠪᠠᠷ ᠰᠦᠪᠡᠭᠴᠢᠯᠡᠪᠡ᠃ ᠭᠡᠰᠢᠭᠦᠳ ᠰᠠᠨᠠᠯ ᠨᠢᠭᠡᠲᠡᠶ ᠦᠵᠡᠭᠰᠡᠨ ᠨᠢ᠂ ᠰᠢᠶᠠᠨ ᠤ ᠨᠠᠮ ᠤᠨ ᠬᠤᠷᠢᠶᠠᠨ ᠤ ᠱᠦᠵᠢ ᠯᠢ ᠴᠦᠨ ᠶᠠᠨ ᠤ ᠶᠠᠷᠢᠶ᠎ᠠ ᠨᠢ ᠰᠢᠶᠠᠨ ᠤ ᠤᠯᠤᠰ ᠲᠦᠷᠦ ᠶᠢᠨ ᠵᠥᠪᠯᠡᠯᠭᠡᠨ ᠤ ᠶᠢᠰᠦᠳᠦᠭᠡᠷ ᠬᠤᠭᠤᠴᠠᠭᠠᠨ ᠤ ᠵᠦᠪᠯᠡᠯ ᠵᠢᠴᠢ ᠲᠡᠭᠦᠨ ᠤ ᠪᠠᠶᠢᠩᠭᠤ ᠶᠢᠨ ᠬᠤᠷᠢᠶᠠᠨ ᠤ ᠥᠩᠭᠡᠷᠡᠭᠰᠡᠨ ᠬᠡᠳᠦᠨ ᠵᠢᠯ ᠳᠤ ᠪᠦᠬᠦ ᠰᠢᠶᠠᠨ ᠤ ᠠᠵᠤ ᠠᠬᠤᠶ ᠪᠠ ᠨᠡᠶᠢᠭᠡᠮ ᠤᠨ ᠡᠯ᠎ᠡ ᠵᠦᠢᠯ ᠤᠨ ᠦᠢᠯᠡᠰ ᠤᠨ ᠬᠥᠭᠵᠢᠯᠲᠡ ᠳᠤ ᠦᠵᠡᠭᠦᠯᠦᠭᠰᠡᠨ ᠬᠤᠪᠢ ᠨᠡᠮᠡᠷᠢ ᠶᠢ ᠳᠡᠭᠡᠳᠦ ᠬᠡᠮᠵᠢᠶ᠎ᠡ ᠪᠠᠷ ᠦᠨᠡᠯᠡᠵᠦ᠂ ᠣᠳᠣᠬᠠᠨ ᠤ ᠮᠠᠨ ᠤ ᠰᠢᠶᠠᠨ ᠤ ᠠᠵᠤ ᠠᠬᠤᠶ ᠨᠡᠶᠢᠭᠡᠮ ᠤᠨ ᠬᠥᠭᠵᠢᠯᠲᠡ ᠳᠤ ᠲᠤᠯᠭᠠᠷᠠᠵᠤ ᠪᠠᠶᠢᠭ᠎ᠠ ᠰᠢᠨ᠎ᠡ ᠬᠠᠷᠠᠯᠲᠠ ᠰᠢᠨ᠎ᠡ ᠡᠭᠦᠷᠭᠡ ᠰᠢᠨ᠎ᠡ ᠱᠠᠭᠠᠷᠳᠠᠯᠭ᠎ᠠ ᠶᠢ ᠭᠦᠨᠵᠡᠭᠡᠶ ᠲᠣᠳᠣᠷᠬᠠᠶᠢᠯᠠᠨ ᠥᠭᠦᠯᠡᠵᠦ᠂ ᠤᠯᠤᠰ ᠲᠦᠷᠦ ᠶᠢᠨ ᠵᠥᠪᠯᠡᠯᠭᠡᠨ ᠤ ᠠᠵᠢᠯ ᠤᠨ ᠲᠤᠬᠠᠶ ᠬᠦᠰᠡᠯ ᠱᠠᠭᠠᠷᠳᠠᠯᠭ᠎ᠠ ᠶᠢ ᠲᠣᠳᠣᠷᠬᠠᠶ ᠳᠤᠷᠠᠳᠤᠨ ᠭᠠᠷᠭᠠᠵᠠᠶ᠃ ᠰᠢᠶᠠᠨ ᠤ ᠤᠯᠤᠰ ᠲᠦᠷᠦ ᠶᠢᠨ ᠵᠥᠪᠯᠡᠯᠭᠡᠨ ᠤ ᠪᠠᠶᠢᠩᠭᠤ ᠶᠢᠨ ᠬᠤᠷᠢᠶᠠᠨ ᠤ ᠠᠵᠢᠯ ᠤᠨ ᠮᠡᠳᠡᠭᠦᠯᠦᠯᠲᠡ ᠵᠢᠴᠢ ᠰᠠᠨᠠᠯ ᠵᠥᠪᠯᠡᠯᠭᠡ ᠶᠢᠨ ᠠᠵᠢᠯ ᠤᠨ ᠪᠠᠶᠢᠳᠠᠯ ᠤᠨ ᠮᠡᠳᠡᠭᠦᠯᠦᠯᠲᠡ ᠶᠢᠨ ᠦᠭᠡ ᠨᠢ ᠲᠣᠪᠴᠢ ᠤᠳᠬ᠎ᠠ ᠨᠢ ᠭᠦᠢᠴᠡᠳ ᠪᠠᠶᠢᠵᠤ᠂ ᠥᠩᠭᠡᠷᠡᠭᠰᠡᠨ ᠲᠦᠷᠪᠡᠨ ᠵᠢᠯ ᠤᠨ ᠠᠵᠢᠯ ᠤᠨ ᠠᠮᠵᠢᠯᠲᠠ ᠪᠦᠲᠦᠮᠵᠢ ᠪᠠ ᠠᠵᠢᠯ ᠤᠨ ᠬᠢᠯᠠᠰ ᠴᠢᠭ ᠢ ᠪᠦᠬᠦ ᠲᠠᠯ᠎ᠠ ᠪᠠᠷ ᠬᠠᠮᠤᠷᠴᠤ᠂ ᠬᠤᠶᠢᠰᠢᠳᠠ ᠶᠢᠨ ᠲᠠᠪᠤᠨ ᠵᠢᠯ ᠤᠨ ᠠᠵᠢᠯ ᠤᠨ ᠬᠠᠷᠠᠯᠲᠠ ᠶᠢ ᠲᠣᠭᠲᠠᠭᠠᠬᠤ ᠳᠠᠭᠠᠨ ᠪᠣᠳᠠᠲᠤ ᠪᠠᠶᠢᠳᠠᠯ ᠲᠠᠢ ᠨᠢᠭᠲᠠ ᠤᠶᠠᠯᠳᠤᠭᠤᠯᠵᠤ᠂ ᠬᠥᠮᠦᠰ ᠢ ᠤᠷᠮᠠᠰᠢᠭᠤᠯᠤᠨ ᠤᠷᠤᠭᠰᠢᠯᠠᠭᠤᠯᠪᠠ᠃
     ᠭᠡᠰᠢᠭᠦᠳ ᠢᠯᠡᠷᠬᠡᠶᠢᠯᠡᠭᠰᠡᠨ ᠨᠢ᠂ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠤᠯᠤᠰ ᠲᠥᠷᠥ ᠶᠢᠨ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠪᠠᠨ ᠤᠯᠠᠮ ᠨᠢᠭᠡ ᠠᠯᠬᠤᠮ ᠴᠢᠩᠭᠠᠳᠬᠠᠵᠤ᠂ ᠬᠤᠷᠠᠯ ᠤᠨ ᠵᠣᠷᠢᠭ ᠰᠠᠨᠠᠭ᠎ᠠ ᠶᠢ ᠥᠪᠡᠷ ᠥᠪᠡᠷ ᠤᠨ ᠠᠵᠢᠯ ᠤᠨ ᠬᠦᠷᠢᠶᠡᠨ ᠳᠡᠭᠡᠨ ᠠᠪᠴᠢᠷᠠᠨ᠂ ᠤᠯᠤᠰ ᠲᠥᠷᠥ ᠶᠢᠨ ᠵᠥᠪᠯᠡᠯᠭᠡᠨ ᠤ ᠣᠨᠴᠠᠯᠢᠭ ᠪᠠ ᠳᠠᠪᠠᠭᠤᠯᠢᠭ ᠢ  ᠭᠦᠢᠴᠡᠳ ᠪᠠᠳᠠᠷᠠᠭᠤᠯᠵᠤ᠂ ᠲᠣᠰ ᠪᠡᠶ᠎ᠡ ᠶᠢᠨ ᠰᠤᠷᠤᠯᠴᠠᠯᠭ᠎ᠠ ᠪᠠ ᠦᠢᠯᠡᠳᠦᠯᠭᠡ ᠪᠠᠨ ᠲᠠᠰᠤᠷᠠᠯᠲᠠ ᠥᠬᠡᠶ ᠴᠢᠩᠭᠠᠳᠬᠠᠨ᠂ ᠭᠡᠰᠢᠭᠦᠳ ᠯᠦᠭᠡ ᠶᠢᠨ ᠬᠠᠷᠢᠯᠴᠠᠭ᠎ᠠ ᠪᠠᠨ ᠴᠢᠩᠭᠠᠳᠬᠠᠵᠤ᠂ ᠨᠡᠶᠢᠭᠡᠮ ᠤᠨ ᠪᠠᠶᠢᠳᠠᠯ ᠠᠷᠠᠳ ᠤᠨ ᠰᠠᠨᠠᠭ᠎ᠠ ᠶᠢ ᠰᠣᠨᠣᠰᠴᠤ᠂ ᠭᠡᠰᠢᠭᠦᠳ ᠤᠨ ᠦᠨ᠎ᠡ ᠥᠷᠲᠡᠭ ᠢ ᠢᠯᠡᠷᠡᠭᠦᠯᠦᠨ᠂ ᠭᠡᠰᠢᠭᠦᠳ ᠤᠨ ᠴᠤᠭ ᠵᠢᠪᠬᠤᠭ᠎ᠠ ᠶᠢ ᠢᠯᠡᠷᠡᠭᠦᠯᠵᠦ᠂ ᠤᠯᠤᠰ ᠲᠥᠷᠥ ᠶᠢᠨ ᠵᠥᠪᠯᠡᠯᠭᠡᠨ ᠤ ᠠᠵᠢᠯ ᠤᠨ ᠰᠢᠨ᠎ᠡ ᠪᠠᠶᠢᠳᠠᠯ ᠢ ᠪᠣᠶ ᠪᠣᠯᠭᠠᠬᠤ ᠪᠠ ᠲᠣᠭᠲᠠᠬᠤ ᠰᠢᠶᠠᠨ ᠤ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠳᠤ ᠰᠢᠨ᠎ᠡ ᠬᠤᠪᠢ ᠨᠡᠮᠡᠷᠢ ᠦᠵᠡᠭᠦᠯᠦᠨ᠎ᠡ︕ ᠭᠡᠪᠡ᠃
 
ᠢᠷᠡᠯᠲᠡ᠄ ᠲᠤᠭᠳᠠᠬᠤ ᠰᠢᠶᠠᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1