ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠨ ᠤ ᠣᠷᠣᠯᠠᠭᠴᠢ ᠳᠠᠷᠤᠭ᠎ᠠ ᠭᠤᠤ ᠵᠧᠩ ᠪᠠᠭᠰᠢ ᠶᠢᠨ ᠪᠠᠶᠠᠷ ᠠᠴᠠ ᠡᠮᠦᠨ᠎ᠡ ᠡᠮᠦᠨ᠎ᠡ ᠹᠷᠣᠨᠲ ᠤᠨ ᠪᠠᠭᠰᠢ ᠨᠠᠷ ᠢ ᠪᠣᠯᠭᠤᠭᠠᠨ ᠲᠤᠬᠤᠨᠢᠭᠤᠯᠪᠠ
ᠨᠡᠶᠢᠲᠡᠯᠡᠭᠰᠡᠨ ᠴᠠᠭ᠄
2021/9/10
      9 ᠳ᠋ᠤᠭᠡᠷ ᠰᠠᠷ᠎ᠠ ᠶᠢᠨ 9 ᠤ ᠡᠳᠦᠷ ᠤᠨ ᠦᠳᠡ ᠶᠢᠨ ᠡᠮᠦᠨ᠎ᠡ᠂ ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠨ ᠤ ᠣᠷᠣᠯᠠᠭᠴᠢ ᠳᠠᠷᠤᠭ᠎ᠠ ᠭᠤᠤ ᠵᠧᠩ ᠪᠠᠭᠰᠢ ᠶᠢᠨ ᠪᠠᠶᠠᠷ ᠠᠴᠠ ᠡᠮᠦᠨ᠎ᠡ ᠡᠮᠦᠨ᠎ᠡ ᠹᠷᠣᠨᠲ ᠤᠨ ᠪᠠᠭᠰᠢ ᠨᠠᠷ ᠢ ᠪᠣᠯᠭᠤᠭᠠᠨ ᠲᠣᠬᠤᠨᠢᠭᠤᠯᠵᠤ᠂ ᠲᠡᠳᠡᠨ ᠳᠤ ᠰᠣᠷᠭᠤᠭ ᠴᠡᠴᠡᠭ ᠪᠠ ᠲᠣᠬᠤᠨᠢᠭᠤᠯᠬᠤ ᠵᠠᠬᠢᠳᠠᠯ ᠬᠦᠷᠭᠡᠭᠰᠡᠨ ᠪᠥᠭᠡᠳ ᠲᠡᠳᠡᠨ ᠢᠶᠠᠷ ᠳᠠᠮᠵᠢᠭᠤᠯᠤᠨ ᠪᠥᠬᠦ ᠰᠢᠶᠠᠨ ᠤ ᠥᠷᠭᠡᠨ ᠣᠯᠠᠨ ᠪᠠᠭᠰᠢ ᠪᠠ ᠰᠤᠷᠭᠠᠨ ᠬᠥᠮᠦᠵᠢᠯ ᠤᠨ ᠠᠵᠢᠯᠲᠠᠳ ᠲᠤ ᠪᠠᠶᠠᠷ ᠤᠨ ᠡᠳᠦᠷ ᠤᠨ ᠮᠡᠨᠳᠦᠴᠢᠯᠡᠯ ᠪᠠ ᠴᠢᠩ ᠰᠡᠳᠬᠢᠯ ᠤᠨ ᠵᠥᠩᠨᠡᠯ ᠳᠡᠪᠰᠢᠭᠦᠯᠵᠡᠶ᠃
     ᠭᠤᠤ ᠵᠧᠩ᠂ ᠥᠪᠡᠷ ᠤᠨ ᠨᠤᠲᠤᠭ ᠦᠬᠠᠢ ᠬᠤᠳᠠ ᠠᠴᠠ ᠪᠠᠨ ᠰᠠᠯᠤᠭᠠᠳ᠂ ᠮᠠᠨ ᠤ ᠰᠢᠶᠠᠨ ᠳᠤ ᠢᠷᠡᠵᠦ ᠰᠤᠷᠭᠠᠨ ᠬᠥᠮᠦᠵᠢᠯ ᠤᠨ ᠠᠵᠢᠯ ᠬᠢᠭᠡᠳ ᠨᠢᠭᠡᠨᠲᠡ 30 ᠭᠠᠷᠤᠢ ᠵᠢᠯ ᠪᠣᠯᠤᠭᠰᠠᠨ ᠸᠠᠩ ᠵᠦᠩ ᠶᠣᠣ ᠡᠷ᠎ᠡ ᠡᠮ᠎ᠡ ᠬᠤᠶᠠᠭᠤᠯᠠ ᠶᠢᠨ ᠭᠡᠷ ᠲᠤ ᠳᠣᠲᠣᠨᠣ ᠪᠠᠷ ᠶᠠᠷᠢᠯᠴᠠᠵᠤ᠂ ᠵᠢᠭᠠᠨ ᠰᠤᠷᠭᠠᠯᠲᠠ ᠶᠢᠨ ᠬᠠᠮᠢᠶᠠᠷᠤᠯᠲᠠ᠂ ︽ᠬᠤᠶᠠᠷ ᠢ ᠪᠠᠭᠠᠰᠬᠠᠬᠤ︾ ᠠᠵᠢᠯ ᠪᠠ ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ ᠵᠡᠷᠭᠡ ᠰᠤᠷᠭᠠᠨ ᠬᠥᠮᠦᠵᠢᠯ ᠤᠨ ᠠᠰᠠᠭᠤᠳᠠᠯ ᠤᠨ ᠲᠤᠬᠠᠶ ᠰᠠᠨᠠᠯ ᠢᠶᠠᠨ ᠰᠣᠯᠢᠯᠴᠠᠪᠠ᠃ ᠭᠤᠤ ᠵᠧᠩ᠂ ᠪᠠᠭᠰᠢ ᠶᠢᠨ ᠶᠣᠰᠣ ᠰᠤᠷᠲᠠᠬᠤᠨ ᠤ ᠬᠡᠪ ᠳᠠᠭᠤᠷᠢᠶᠠᠯ ᠤᠨ ᠤᠬᠠᠭᠤᠯᠭ᠎ᠠ ᠶᠢᠨ ᠡᠷᠴᠢᠮ ᠢ ᠴᠢᠨᠠᠭᠰᠢᠳᠠ ᠴᠢᠩᠭᠠᠷᠠᠭᠤᠯᠵᠤ᠂ ᠦᠯᠢᠭᠡᠷ ᠳᠠᠭᠤᠷᠢᠶᠠᠯ ᠤᠨ ᠵᠢᠱᠢᠶ᠎ᠡ ᠦᠵᠡᠭᠦᠯᠵᠦ ᠬᠦᠳᠦᠯᠦᠨ ᠳᠠᠭᠠᠭᠤᠯᠬᠤ ᠦᠢᠯᠡᠳᠦᠯ ᠢ ᠦᠨᠡᠨᠬᠦ ᠪᠠᠳᠠᠷᠠᠭᠤᠯᠵᠤ᠂ ᠥᠷᠭᠡᠨ ᠤᠯᠠᠨ ᠪᠠᠭᠰᠢ ᠶᠢ ᠵᠣᠷᠢᠭᠵᠢᠭᠤᠯᠤᠨ ᠲᠡᠷᠢᠭᠦᠨ ᠤ ᠬᠢ ᠪᠠᠷ ᠪᠠᠷᠢᠮᠵᠢᠶᠠᠯᠠᠬᠤ᠂ ᠡᠷᠳᠡᠮᠲᠡᠨ ᠮᠡᠷᠭᠡᠳ ᠠᠴᠠ ᠲᠠᠭᠠᠨ ᠰᠤᠷᠤᠯᠴᠠᠬᠤ ᠶᠢ ᠵᠣᠷᠢᠭᠵᠢᠭᠤᠯᠵᠤ᠂ ᠪᠠᠭᠰᠢ ᠶᠢᠨ ᠶᠣᠰᠣ ᠰᠤᠷᠲᠠᠬᠤᠨ ᠤ ᠪᠠᠶᠢᠭᠤᠯᠤᠯᠲᠠ ᠶᠢ ᠴᠢᠩᠭᠠᠳᠬᠠᠵᠤ᠂ ᠬᠥᠮᠦᠨ ᠬᠥᠮᠦᠵᠢᠭᠦᠯᠬᠦ ᠴᠢᠳᠠᠪᠤᠷᠢ ᠶᠢ ᠳᠡᠭᠡᠭᠰᠢᠯᠡᠭᠦᠯᠬᠦ ᠬᠡᠷᠡᠭᠲᠡᠢ ᠭᠡᠵᠦ ᠴᠢᠬᠤᠯᠠᠴᠢᠯᠠᠪᠠ᠃
     ᠰᠢᠶᠠᠨ ᠤ ᠰᠤᠷᠭᠠᠨ ᠬᠥᠮᠦᠵᠢᠯ ᠤᠨ ᠲᠣᠪᠴᠢᠶᠠᠨ ᠤ ᠬᠠᠷᠢᠭᠤᠴᠠᠯᠭᠠᠲᠠᠨ ᠤ ᠪᠠᠷ᠎ᠠ ᠪᠤᠯᠤᠯᠭ᠎ᠠ ᠲᠠᠢ ᠪᠠᠷ᠂ ᠭᠤᠤ ᠵᠧᠩ ᠪᠠᠰᠠ ᠰᠤᠷᠬᠤ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠠᠵᠢᠯ ᠢ 35 ᠵᠢᠯ ᠬᠢᠭᠰᠡᠨ ᠹᠠᠨ ᠰᠦ᠋ ᠯᠢᠩ ᠢ ᠪᠣᠯᠭᠤᠭᠠᠨ ᠲᠣᠬᠤᠨᠢᠭᠤᠯᠵᠠᠢ᠃ ᠭᠤᠣ ᠵᠧᠩ ᠵᠢᠭᠠᠵᠤ ᠭᠠᠷᠭᠠᠭᠰᠠᠨ ᠨᠢ᠂ ᠰᠤᠷᠭᠠᠨ ᠬᠥᠮᠦᠵᠢᠯ ᠤᠨ ᠰᠠᠯᠠᠭ᠎ᠠ ᠮᠥᠴᠢᠷ᠂ ᠡᠯ᠎ᠡ ᠰᠤᠷᠭᠠᠭᠤᠯᠢ ᠪᠣᠯᠤᠨ ᠥᠷᠭᠡᠨ ᠣᠯᠠᠨ ᠪᠠᠭᠰᠢ᠂ ᠰᠤᠷᠭᠠᠨ ᠬᠥᠮᠦᠵᠢᠯ ᠤᠨ ᠠᠵᠢᠯᠲᠠᠳ ᠰᠢ ᠶᠢᠨ ᠫᠢᠩ ᠶᠡᠷᠦᠩᠬᠡᠶ ᠱᠦᠵᠢ ᠶᠢᠨ ᠰᠤᠷᠭᠠᠨ ᠬᠥᠮᠦᠵᠢᠯ ᠤᠨ ᠠᠵᠢᠯ ᠤᠨ ᠲᠤᠬᠠᠶ ᠴᠢᠬᠤᠯᠠ ᠥᠭᠦᠯᠡᠯᠲᠡ ᠶᠢ ᠭᠦᠨᠵᠡᠭᠡᠶ ᠰᠤᠷᠤᠯᠴᠠᠨ ᠲᠤᠤᠱᠯᠠᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠤᠢ ᠪᠣᠯᠭᠠᠬᠤ ᠶᠢᠨ ᠴᠢᠬᠤᠯᠠ ᠶᠡᠭᠡ ᠠᠴᠢ ᠬᠤᠯᠪᠣᠭᠳᠠᠯ ᠢ ᠭᠦᠨᠵᠡᠭᠡᠢ ᠤᠢᠢᠯᠠᠭᠠᠨ ᠪᠠᠲᠤ ᠪᠠᠬᠢ ᠪᠤᠢ ᠪᠣᠯᠭᠠᠵᠤ᠂ ᠦᠵᠡᠯ ᠰᠠᠨᠠᠭᠠᠨ ᠤ ᠤᠬᠠᠮᠰᠠᠷ᠂ ᠠᠵᠢᠯᠯᠠᠭᠠᠨ ᠤ ᠤᠬᠠᠮᠰᠠᠷ ᠢᠶᠠᠨ ᠪᠠᠲᠤᠳᠬᠠᠵᠤ᠂ ᠶᠣᠰᠣ ᠰᠤᠷᠲᠠᠬᠤᠨ ᠢ ᠪᠤᠢ ᠪᠣᠯᠭᠠᠵᠤ ᠬᠥᠮᠦᠨ ᠢ ᠬᠥᠮᠦᠵᠢᠭᠦᠯᠬᠦ ᠤᠬ ᠰᠠᠨᠠᠭ᠎ᠠ ᠶᠢ ᠵᠠᠯᠭᠠᠮᠵᠢᠯᠠᠵᠤ᠂ ᠥᠷᠭᠡᠨ ᠤᠯᠠᠨ ᠰᠤᠷᠤᠭᠴᠢᠳ ᠤᠨ ᠡᠭᠡ ᠤᠯᠤᠰ ᠢᠶᠠᠨ ᠬᠠᠶᠢᠷᠠᠯᠠᠬᠤ᠂ ᠠᠷᠠᠳ ᠲᠦᠮᠡᠨ ᠢᠶᠠᠨ ᠬᠠᠶᠢᠷᠠᠯᠠᠬᠤ᠂ ᠨᠤᠲᠤᠭ ᠤᠰᠤ ᠪᠠᠨ ᠬᠠᠶᠢᠷᠠᠯᠠᠬᠤ ᠶᠢ ᠬᠦᠳᠦᠯᠦᠨ ᠵᠢᠯᠣᠭᠤᠳᠴᠤ᠂ ᠬᠢᠷᠢ ᠲᠡᠩᠴᠡᠭᠰᠡᠨ ᠨᠡᠶᠢᠭᠡᠮ ᠵᠢᠷᠤᠮ ᠤᠨ ᠪᠦᠳᠦᠭᠡᠨ ᠪᠠᠶᠢᠭᠤᠯᠤᠭᠴᠢ ᠪᠠ ᠵᠠᠯᠭᠠᠮᠵᠢᠯᠠᠭᠴᠢ ᠪᠤᠭᠠᠨ ᠬᠦᠮᠦᠵᠢᠭᠦᠯᠬᠦ ᠬᠡᠷᠡᠭᠲᠡᠢ ᠭᠡᠵᠡᠢ᠃
 
ᠢᠷᠡᠯᠲᠡ᠄ ᠲᠤᠭᠳᠠᠬᠤ ᠰᠢᠶᠠᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1