ᠰᠢᠨ᠎ᠡ ᠶᠢᠩᠽᠢ ᠪᠠᠯᠭᠠᠰᠤ ᠤᠨ ᠮᠠᠨᠳᠠᠷᠠᠸ᠎ᠠ ᠴᠡᠴᠡᠭ ᠳᠡᠯᠭᠡᠷᠡᠵᠦ ᠬᠥᠮᠦᠨ ᠢ ᠰᠣᠭᠲᠣᠭᠤᠷᠠᠭᠤᠯᠤᠮ᠎ᠠ ᠰᠠᠶᠢᠬᠠᠨ ᠦᠵᠡᠮᠵᠢ ᠢᠯᠡᠷᠡᠯ᠎ᠡ
ᠨᠡᠶᠢᠲᠡᠯᠡᠭᠰᠡᠨ ᠴᠠᠭ᠄
2021/6/21
      ᠵᠤᠨ ᠤ ᠡᠬᠢᠨ ᠤ ᠲᠣᠭᠲᠠᠬᠤ ᠳᠤ ᠬᠥᠬᠡᠮᠳᠦᠭ ᠨᠣᠭᠤᠭᠠᠨ ᠦᠩᠭᠡ ᠪᠠᠷ ᠪᠢᠯᠬᠠᠵᠤ᠂ ᠦᠩᠭᠡ ᠪᠦᠷᠢ ᠶᠢᠨ ᠴᠡᠴᠡᠭ ᠵᠡᠷᠭᠡ ᠪᠠᠷ ᠳᠡᠯᠭᠡᠷᠡᠨ᠎ᠡ᠃ ᠣᠶᠢᠷ᠎ᠠ ᠳᠤ᠂ ᠬᠥᠬᠡᠬᠤᠲᠠ ᠶᠢᠨ ᠬᠠᠮᠤᠭ ᠤᠨ ᠲᠣᠮᠣ ᠮᠠᠨᠳᠠᠷᠠᠸ᠎ᠠ ᠴᠡᠴᠡᠭ ᠳᠠᠷᠢᠬᠤ ᠰᠠᠭᠤᠷᠢᠨ ᠭᠠᠵᠠᠷ ᠪᠣᠯᠬᠤ ᠰᠢᠨ᠎ᠡ ᠶᠢᠩᠽᠢ ᠪᠠᠯᠭᠠᠰᠤᠨ ᠤ ᠵᠠᠩ ᠴᠢᠤᠸᠠᠨ ᠶᠢᠩ ᠲᠣᠰᠬᠤᠨ ᠤ ᠮᠠᠨᠳᠠᠷᠠᠸ᠎ᠠ ᠴᠡᠴᠡᠭ ᠤᠨ ᠬᠦᠷᠢᠶᠡᠯᠡᠩ ᠵᠢᠩᠬᠢᠨᠢ ᠪᠠᠷ ᠨᠡᠭᠡᠭᠡᠭᠳᠡᠵᠦ᠂ 300 ᠭᠠᠷᠤᠶ ᠮᠥ ᠵᠠᠭᠤᠨ ᠲᠦᠮᠡ ᠰᠢᠬᠠᠮ ᠰᠠᠭᠤᠷᠢ ᠮᠠᠨᠳᠠᠷᠠᠸ᠎ᠠ ᠴᠡᠴᠡᠭ ᠬᠡᠭᠡᠨᠴᠢᠷ ᠲᠠᠩᠰᠤᠭ ᠪᠣᠯᠵᠣ᠂ ᠬᠤᠲᠠ ᠶᠢᠨ ᠠᠷᠠᠳ ᠪᠣᠯᠤᠨ ᠵᠤᠭᠠᠴᠠᠭᠰᠠᠳ ᠤᠨ ᠵᠤᠭᠠᠴᠠᠨ ᠨᠠᠭᠠᠳᠬᠤ᠂ ᠴᠡᠴᠡᠭ ᠰᠣᠨᠢᠷᠬᠠᠬᠤ᠂ ᠰᠡᠭᠦᠳᠡᠷ ᠲᠠᠲᠠᠬᠤ ᠶᠢᠨ ᠺᠠᠷᠲ ᠲᠡᠮᠳᠡᠭᠯᠡᠬᠦ ᠰᠢᠨ᠎ᠡ ᠲᠡᠮᠳᠡᠭ ᠪᠣᠯᠤᠭᠰᠠᠨ ᠪᠠᠶᠢᠨ᠎ᠠ᠃      ᠮᠠᠨᠳᠠᠷᠠᠸ᠎ᠠ ᠴᠡᠴᠡᠭ ᠶᠡᠷᠦ ᠠᠴᠠ ᠪᠠᠨ ︽ᠴᠡᠴᠡᠭ ᠤᠨ ᠳᠣᠲᠣᠷᠠᠬᠢ ᠸᠠᠩ︾ ᠭᠡᠰᠡᠨ ᠰᠠᠶᠢᠬᠠᠨ ᠨᠡᠷ᠎ᠡ ᠲᠠᠢ᠃ ᠠᠭᠤᠯᠠᠰ ᠢᠶᠠᠷ ᠬᠦᠷᠢᠶᠡᠯᠡᠭᠳᠡᠵᠦ᠂ ᠨᠣᠭᠤᠭᠠᠨ ᠮᠣᠳᠣᠨ ᠤ ᠳᠤᠮᠳᠠ᠂ ᠨᠢᠭᠡ ᠰᠠᠭᠤᠷᠢ ᠮᠠᠨᠳᠠᠷᠠᠸ᠎ᠠ ᠴᠡᠴᠡᠭ ᠥᠷᠢᠰᠥᠯᠳᠦᠨ ᠳᠡᠯᠭᠡᠷᠡᠵᠦ᠂ ᠦᠨᠡᠬᠡᠷ ᠬᠥᠮᠦᠨ ᠢ ᠪᠠᠶᠠᠷᠯᠠᠭᠤᠯᠤᠨ᠎ᠠ᠃ ᠡᠨᠡᠬᠦ ᠮᠠᠨᠳᠠᠷᠠᠸ᠎ᠠ ᠶᠢᠨ ᠬᠦᠷᠢᠶᠡᠯᠡᠩ ᠢ 2014 ᠣᠨ ᠠᠴᠠ ᠡᠬᠢᠯᠡᠨ ᠪᠠᠶᠢᠭᠤᠯᠵᠤ᠂ ᠣᠳᠣᠬᠠᠨ ᠳᠤ ᠲᠣᠰᠣᠨ ᠳᠤ ᠬᠡᠷᠡᠭᠯᠡᠬᠦ᠂ ᠡᠮ ᠳᠤ ᠬᠡᠷᠡᠭᠯᠡᠬᠦ᠂ ᠦᠵᠡᠮᠦᠷᠢ ᠶᠢᠨ ᠮᠠᠨᠳᠠᠷᠠᠸ᠎ᠠ᠂ ᠴᠠᠨ᠎ᠠ 2 ᠲᠦᠮᠡᠨ ᠰᠠᠭᠤᠷᠢ᠂ ᠵᠢᠴᠢ ᠴᠢᠪᠠᠭ᠎ᠠ᠂ ᠳᠣᠯᠣᠨᠣ ᠵᠡᠷᠭᠡ 20 ᠭᠠᠷᠤᠶ ᠵᠢᠮᠢᠰ ᠤᠨ ᠮᠣᠳᠣᠨ ᠤ ᠲᠥᠷᠥᠯ 1 ᠲᠦᠮᠡ ᠭᠠᠷᠤᠶ ᠪᠠᠶᠢᠨ᠎ᠠ᠃      ︽ᠮᠠᠨ ᠤ ᠮᠠᠨᠳᠠᠷᠠᠸ᠎ᠠ ᠴᠡᠴᠡᠭ ᠤᠨ ᠬᠦᠷᠢᠶᠡᠯᠡᠩ ᠤᠨ ᠮᠠᠨᠳᠠᠷᠠᠸ᠎ᠠ ᠶᠢᠨ ᠦᠷ᠎ᠡ ᠪᠠᠷ ᠲᠣᠰᠣ ᠰᠢᠬᠠᠵᠤ ᠪᠣᠯᠤᠨ᠎ᠠ ᠂ ᠮᠠᠨᠳᠠᠷᠠᠸ᠎ᠠ ᠪᠠᠷ ᠤᠯᠠᠮᠵᠢᠯᠠᠯᠲᠤ ᠬᠢᠲᠠᠳ ᠡᠮ ᠤᠨ ᠤᠯᠠᠭᠠᠨ ᠬᠠᠯᠢᠰᠤ ᠬᠢᠵᠦ ᠪᠣᠯᠬᠤ ᠪᠥᠭᠡᠳ ᠴᠡᠴᠡᠭ ᠤᠨ ᠡᠰᠢ ᠶᠢᠨ ᠨᠠᠪᠴᠢ ᠪᠠᠷ  ᠴᠠᠶ ᠬᠢᠵᠦ ᠪᠣᠯᠤᠨ᠎ᠠ᠃ ᠣᠳᠣ ᠨᠢᠭᠡᠨᠲᠡ ᠬᠢᠵᠦ ᠭᠠᠷᠭᠠᠭᠰᠠᠨ ᠪᠦᠲᠦᠭᠡᠭᠳᠡᠬᠦᠨ ᠳᠤ ᠮᠠᠨᠳᠠᠷᠠᠸ᠎ᠠ ᠴᠡᠴᠡᠭ ᠤᠨ ᠵᠢᠭᠤᠷᠮᠠᠯ ᠤᠤᠭᠤᠬᠤ ᠰᠢᠩᠭᠡᠨ᠂ ᠮᠠᠨᠳᠠᠷᠠᠸ᠎ᠠ ᠴᠡᠴᠡᠭ ᠤᠨ ᠤᠮᠳᠠᠭᠠᠨ᠂ ᠨᠢᠭᠡᠨᠲᠡ ᠪᠥᠭᠡᠮ ᠢᠶᠠᠷ ᠦᠢᠯᠡᠳᠪᠦᠷᠢᠯᠡᠭᠰᠡᠨ ᠨᠢ ᠮᠠᠨᠳᠠᠷᠠᠸ᠎ᠠ ᠴᠡᠴᠡᠭ ᠤᠨ ᠵᠢᠶᠠᠩ ᠪᠠ ᠮᠠᠨᠳᠠᠷᠠᠸ᠎ᠠ ᠶᠧᠪᠡᠩ ᠪᠠᠶᠢᠨ᠎ᠠ᠃ ᠳᠠᠷᠠᠭᠠᠴᠢ ᠶᠢᠨ ᠠᠯᠬᠤᠮ ᠳᠤ᠂ ᠪᠢᠳᠡ ᠲᠦᠮᠡᠨ ᠮᠦ ᠮᠠᠨᠳᠠᠷᠠᠸ᠎ᠠ ᠶᠢᠨ ᠰᠠᠭᠤᠷᠢᠨ ᠢ ᠪᠠᠶᠢᠭᠤᠯᠵᠤ᠂ ᠦᠵᠡᠰᠬᠦᠯᠡᠩᠲᠦ ᠰᠠᠶᠢᠬᠠᠨ ᠦᠵᠡᠮᠵᠢ ᠶᠢᠨ ᠣᠷᠣᠨ ᠢ ᠪᠠᠶᠢᠭᠤᠯᠵᠤ᠂ ᠣᠭᠲᠠᠷᠭᠤᠢ ᠶᠢ ᠨᠡᠩ ᠴᠡᠯᠮᠡᠭ᠂ ᠤᠰᠤ ᠶᠢ ᠨᠡᠩ ᠲᠤᠩᠭᠠᠯᠠᠭ᠂ ᠠᠭᠤᠯᠠ ᠶᠢ ᠨᠡᠩ ᠨᠣᠭᠤᠭᠠᠨ ᠪᠣᠯᠭᠠᠬᠤ ᠪᠠᠷ ᠪᠡᠯᠡᠳᠬᠡᠵᠦ ᠪᠠᠶᠢᠨ᠎ᠠ︾ ᠭᠡᠵᠦ ᠰᠢᠨ ᠢ ᠲᠠᠷᠢᠶᠠᠯᠠᠩ ᠤᠨ ᠬᠢᠵᠠᠭᠠᠷᠲᠤ ᠺᠣᠮᠫᠠᠨᠢ ᠶᠢᠨ ᠶᠡᠷᠦᠩᠬᠡᠢ ᠳᠠᠭᠠᠭᠠᠮᠠᠯ ᠸᠠᠨ ᠵᠢᠶᠠ ᠰᠤᠷᠪᠤᠯᠵᠢᠯᠠᠭᠴᠢ ᠳᠤ ᠬᠡᠯᠡᠪᠡ᠃      ᠲᠠᠷᠠᠭᠠᠴᠢ ᠶᠢᠨ ᠠᠯᠬᠤᠮ ᠳᠤ᠂ ᠰᠢᠨ ᠢ ᠺᠣᠮᠫᠠᠨᠢ ᠨᠢ ᠰᠢᠨᠵᠢᠯᠡᠬᠦ ᠤᠬᠠᠭᠠᠨ ᠮᠡᠷᠭᠡᠵᠢᠯ ᠢᠶᠠᠷ ᠵᠢᠯᠣᠭᠤᠳᠣᠯᠭ᠎ᠠ ᠪᠣᠯᠭᠠᠵᠤ᠂ ᠬᠤᠷᠰᠢᠶ᠎ᠠ + ᠰᠠᠭᠤᠷᠢᠨ + ᠲᠠᠷᠢᠶᠠᠴᠢᠨ ᠡᠷᠦᠬᠡ ᠶᠢᠨ ᠠᠵᠤ ᠦᠶᠢᠯᠡᠰᠵᠢᠯᠲᠡ ᠶᠢᠨ ᠵᠠᠭᠪᠤᠷ ᠢᠶᠠᠷ ᠳᠠᠮᠵᠢᠭᠤᠯᠤᠨ᠂ ᠲᠤᠬᠠᠶ ᠶᠢᠨ ᠭᠠᠵᠠᠷ ᠤᠨ ᠣᠯᠠᠨ ᠲᠦᠮᠡᠨ ᠢ ᠳᠠᠶᠢᠴᠢᠯᠠᠨ ᠮᠠᠨᠳᠠᠷᠠᠸ᠎ᠠ ᠡᠳ᠋ᠰᠢᠭᠦᠯᠬᠦ ᠦᠢᠯᠡᠰ ᠢ ᠬᠥᠭᠵᠢᠭᠦᠯᠵᠦ᠂ ᠨᠠᠩ ᠣᠯᠠᠨ ᠲᠠᠷᠢᠶᠠᠴᠢᠨ ᠡᠷᠦᠬᠡ ᠶᠢ ᠣᠷᠣᠯᠭ᠎ᠠ ᠶᠢ ᠨᠢ ᠨᠡᠮᠡᠭᠳᠡᠭᠦᠯᠦᠨ ᠪᠠᠶᠠᠵᠢᠭᠤᠯᠬᠤ ᠪᠤᠯᠤᠨ᠎ᠠ᠃
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1