ᠡᠨᠡ 100 ᠠᠵᠢᠯ ᠲᠦᠷᠦᠯ ᠳᠤ ᠬᠦᠮᠦᠨ ᠬᠠᠮᠤᠭ  ᠡᠴᠡ‌‍ᠲ᠋ᠤᠲᠠᠭᠳᠠᠵᠤ ᠪᠠᠶᠢᠨ᠎ᠠ︕
ᠨᠡᠶᠢᠲᠡᠯᠡᠭᠰᠡᠨ ᠴᠠᠭ᠄
2021/3/11
      ᠰᠢᠨᠬᠤᠸᠠ ᠬᠤᠷᠢᠶᠠᠨ ᠤ ᠪᠡᠭᠡᠵᠢᠩ ᠤᠨ 1 ᠰᠠᠷ᠎ᠠ ᠶᠢᠨ 26 ᠤ ᠡᠳᠦᠷ ᠤᠨ ᠮᠡᠳᠡᠭᠡ ︵ᠰᠤᠷᠪᠤᠯᠵᠢᠯᠠᠭᠴᠢ ᠵᠢᠶᠠᠩ ᠯᠢᠨ︶ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠶᠠᠮᠤᠨ 26 ᠤ ᠡᠳᠦᠷ ᠪᠥᠬᠦ ᠤᠯᠤᠰ ᠲᠤ  ᠬᠦᠮᠦᠨ‌ᠬᠠᠮᠤᠭ ᠤᠨ ᠳᠤᠲᠠᠭᠳᠠᠵᠤ ᠪᠠᠶᠢᠭ᠎ᠠ 100 ᠠᠵᠢᠯ ᠲᠦᠷᠦᠯ ᠤᠨ ᠰᠢᠨ᠎ᠡ ᠨᠢᠭᠡ ᠬᠤᠭᠤᠴᠠᠭᠠᠨ ᠤ ᠵᠢᠭᠰᠠᠭᠠᠯᠲᠠ ᠶᠢ ᠨᠡᠶᠢᠲᠡᠯᠡᠪᠡ᠃ᠪᠣᠷᠣᠯᠠᠭᠤᠯᠤᠭᠴᠢ᠂ ᠴᠡᠪᠡᠷᠯᠡᠭᠴᠢ᠂ ᠠᠮᠤᠷ ᠢ ᠬᠠᠮᠠᠭᠠᠯᠠᠭᠴᠢ᠂ ᠲᠠᠸᠠᠷ ᠤᠨ ᠡᠵᠡᠩᠨᠡᠭᠴᠢ᠂ ᠬᠤᠭᠤᠯᠠᠨ ᠬᠡᠷ ᠤᠨ  ᠦᠢᠯᠡᠴᠢᠯᠡᠭᠴᠢ᠂ᠬᠡᠷ ᠤᠨ ᠶᠠᠪᠤᠳᠠᠯ ᠤᠨ ᠦᠢᠯᠡᠴᠢᠯᠡᠭᠴᠢ᠂ ᠵᠣᠴᠢᠳ ᠲᠤ ᠦᠢᠯᠡᠴᠢᠯᠡᠭᠴᠢ᠂ ᠲᠡᠷᠭᠡᠨ ᠤ  ᠠᠵᠢᠯᠴᠢᠨ᠂  ᠬᠡᠷ  ᠪᠠᠶᠢᠰᠢᠩ  ᠭᠠᠵᠠᠷ‌‍ᠬᠥ᠋ᠷᠥᠩᠭᠡ ᠶᠢᠨ ᠵᠠᠭᠤᠴᠢᠯᠠᠭᠴᠢ᠂ ᠭᠠᠩᠨᠠᠭᠤᠷᠴᠢᠨ ᠵᠡᠷᠭᠡ ᠨᠢ ︽ᠠᠵᠢᠯᠴᠢᠨ  ᠬᠠᠮᠤᠭ ᠠᠴᠠ  ᠢᠯᠡᠭᠦᠤ  ᠳᠤᠲᠠᠭᠳᠠᠬᠤ︾ ᠠᠵᠢᠯ‌‍ᠲ᠋ᠦ᠋ᠷᠦᠯ ᠤᠨ ᠡᠮᠦᠨ᠎ᠡ 10 ᠨᠡᠷᠡᠰ ᠲᠤ ᠪᠠᠶᠢᠷᠢᠯᠠᠵᠤ ᠪᠣᠶ᠃ 100 ᠠᠵᠢᠯ ᠲᠦᠷᠦᠯ ᠠᠴᠠ ᠦᠵᠡᠪᠡᠯ᠂ ᠲᠣᠰ  ᠬᠤᠭᠤᠴᠠᠭᠠᠨ ‍ᠤ‌‍ᠬᠥ᠋ᠮᠦᠨ ᠳᠤᠲᠠᠭᠳᠠᠵᠤ ᠪᠠᠶᠢᠭ᠎ᠠ ᠲᠤᠭ᠎ᠠ ᠬᠡᠮᠵᠢᠶ᠎ᠡ ᠪᠠ ᠬᠥᠮᠦᠨ ᠡᠷᠢᠬᠦ ᠳᠠᠬᠢᠨ ᠨᠣᠷᠮ᠎ᠠ ᠨᠢ ᠴᠥᠮ ᠵᠢᠭᠰᠠᠭᠠᠭᠰᠠᠨ ᠠᠴᠠ  ᠨᠠᠰᠢᠬᠢ‌ᠬᠠᠮᠤᠭ ᠤᠨ ᠥᠨᠳᠥᠷ ᠬᠡᠮᠵᠢᠭᠳᠡᠯ ᠳᠤ ᠣᠷᠣᠰᠢᠵᠤ ᠪᠠᠶᠢᠨ᠎ᠠ᠃              ᠲᠣᠰ ᠬᠤᠭᠤᠴᠠᠭᠠᠨ ᠤ ᠵᠢᠭᠰᠠᠭᠠᠯᠲᠠ ᠠᠴᠠ ᠦᠵᠡᠪᠡᠯ᠂ ᠲᠦᠷᠭᠡᠨ  ᠬᠦᠷᠭᠡᠭᠴᠢ᠂  ᠵᠠᠬ᠎ᠠ  ᠳᠡᠯᠭᠡᠭᠦᠷ ᠤᠨ  ᠡᠵᠡᠩᠨᠡᠨ‌‍ᠪᠣᠷᠣᠯᠠᠭᠤᠯᠬᠤ ᠠᠵᠢᠯᠲᠠᠨ᠂ ᠪᠣᠭᠤᠳᠠᠯᠯᠠᠬᠤ ᠠᠵᠢᠯᠴᠢᠨ᠂ ᠺᠣᠮᠫᠢᠦ᠋ᠲ᠋ᠧᠷ ᠤᠨ ᠵᠥᠭᠡᠯᠡᠨ ᠲᠣᠨᠤᠭ ᠤᠨ  ᠮᠡᠷᠭᠡᠵᠢᠯ ᠤᠨ  ᠠᠵᠢᠯᠲᠠᠨ᠂ ᠵᠣᠭᠤᠰ ᠬᠤᠷᠢᠶᠠᠭᠴᠢ᠂ ᠮᠠᠰᠢᠨ ᠲᠥᠬᠦᠭᠡᠷᠦᠮᠵᠢ ᠤᠭᠰᠠᠷᠠᠬᠤ ᠠᠵᠢᠯᠲᠠᠨ᠂  ᠮᠠᠰᠢᠨ ᠦᠢᠯᠡᠳᠬᠦ ᠠᠵᠢᠯᠲᠠᠨ᠂  ᠴᠠᠬᠢᠯᠭᠠᠨ ‍ᠤ‌ᠠᠵᠢᠯᠴᠢᠨ᠂ ᠳᠠᠭᠠᠳᠬᠠᠯ ᠤᠨ  ᠣᠷᠣᠯᠠᠭᠴᠢ  ᠵᠡᠷᠭᠡ ᠤᠨ ᠲᠤᠲᠠᠭᠳᠠᠵᠤ  ᠪᠠᠶᠢᠭ᠎ᠠ ᠬᠡᠮᠵᠢᠶ᠎ᠡ ᠨᠢ ᠴᠦ ᠡᠮᠦᠨ᠎ᠡ  ᠡᠩᠨᠡᠭᠡᠨ ᠳᠤ ᠵᠢᠭᠰᠠᠭᠠᠭᠳᠠᠵᠤ ᠪᠠᠶᠢᠨ᠎ᠠ᠃              ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠶᠠᠮᠤᠨ ᠤ ᠰᠣᠨᠢᠨ ᠮᠡᠳᠡᠭᠡᠨ ᠤ ᠥᠭᠦᠯᠡᠭᠴᠢᠯᠦ ᠠᠶ ᠬᠤᠩ  ᠵᠠᠳᠠᠯᠬᠤ ᠳᠠᠭᠠᠨ᠂  ᠦᠢᠯᠡᠳᠬᠦ  ᠦᠢᠯᠡᠰ ᠤᠨ  ᠴᠢᠳᠠᠪᠤᠷᠢᠲᠠᠨ ᠤ  ᠬᠡᠷᠡᠭᠴᠡᠭᠡ  ᠦᠷᠭᠦᠯᠵᠢᠯᠡᠨ  ᠬᠥᠭᠵᠢᠩᠭᠦᠶ‌‍ᠪᠠᠶᠢᠳᠠᠯ ᠢᠶᠠᠨ ᠪᠠᠲᠤᠯᠠᠵᠤ ᠪᠠᠶᠢᠨ᠎ᠠ᠃ ᠰᠢᠨ᠎ᠡ ᠪᠠᠷ ᠵᠢᠭᠰᠠᠭᠠᠭᠰᠠᠨ 25 ᠠᠵᠢᠯ ᠲᠥᠷᠥᠯ ᠤᠨ ᠳᠣᠲᠣᠷ᠎ᠠ᠂ 15 ᠨᠢ  ᠦᠢᠯᠡᠳᠬᠦ‌ᠦᠢᠯᠡᠰ ᠲᠠᠢ ᠰᠢᠭᠤᠳ ᠬᠤᠯᠪᠣᠭ᠎ᠠ ᠲᠠᠢ᠂ ᠡᠭᠦᠨ ᠳᠤ ᠲᠡᠮᠦᠷᠯᠢᠭ ᠪᠣᠯᠪᠠᠰᠤᠷᠠᠭᠤᠯᠬᠤ ᠢᠨᠵᠧᠨᠧᠷᠢᠩ ᠤᠨ ᠮᠡᠷᠭᠡᠵᠢᠯᠲᠡᠨ᠂  ᠮᠠᠰᠢᠨ‌‍ᠲ᠋ᠡᠷᠭᠡᠨ ᠤ ᠢᠨᠵᠧᠨᠧᠷᠢᠩ ᠤᠨ ᠮᠡᠷᠭᠡᠵᠢᠯᠲᠡᠨ᠂ ᠴᠢᠳᠬᠤᠬᠤ ᠠᠵᠢᠯᠴᠢᠨ᠂ ᠲᠡᠮᠦᠷᠯᠢᠭ ᠤᠨ ᠢᠯᠴᠢ ᠰᠢᠢᠳᠪᠦᠷᠢᠯᠡᠬᠦ ᠠᠵᠢᠯᠴᠢᠨ ᠵᠡᠷᠭᠡ ᠪᠠᠭᠲᠠᠨ᠎ᠠ᠃ ᠳᠤᠲᠠᠭᠳᠠᠵᠤ ᠪᠠᠶᠢᠭ᠎ᠠ ᠬᠡᠮᠵᠢᠶ᠎ᠡ ᠨᠢ ᠨᠡᠮᠡᠭᠳᠡᠭᠰᠡᠨ 34 ᠠᠵᠢᠯ ᠲᠥᠷᠥᠯ ᠤᠨ ᠳᠣᠲᠣᠷ᠎ᠠ᠂ 16 ᠠᠵᠢᠯ ᠮᠡᠷᠭᠡᠵᠢᠯ ᠨᠢ‌ᠦᠢᠯᠡᠳᠬᠦ ᠦᠢᠯᠡᠰ ᠲᠠᠢ ᠰᠢᠭᠤᠳ ᠬᠤᠯᠪᠣᠭ᠎ᠠ ᠲᠠᠢ ᠪᠠᠶᠢᠳᠠᠭ᠂ ᠵᠢᠱᠢᠶᠡᠯᠡᠪᠡᠯ ᠪᠣᠯᠣᠳ  ᠰᠢᠷᠪᠥᠰᠥᠨ ᠤ  ᠠᠵᠢᠯᠴᠢᠨ᠂  ᠮᠠᠰᠢᠨ‌ᠵᠠᠰᠠᠬᠤ ᠥᠷᠥᠯᠪᠢ ᠶᠢᠨ ᠠᠵᠢᠯᠴᠢᠨ᠂ ᠨᠡᠬᠡᠮᠡᠯ ᠪᠤᠳᠤᠬᠤ ᠠᠵᠢᠯᠴᠢᠨ ᠵᠡᠷᠭᠡ ᠪᠣᠯᠤᠨ᠎ᠠ᠃              ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠶᠢ ᠪᠠᠶᠢᠩᠭᠤᠵᠢᠭᠤᠯᠤᠭᠰᠠᠨ  ᠨᠥᠬᠦᠴᠡᠯ  ᠳᠣᠣᠷ᠎ᠠ᠂  ᠨᠡᠶᠢᠭᠡᠮ ‍ᠤᠨ‌ᠬᠠᠮᠢᠶᠠᠷᠤᠯᠲᠠ ᠪᠣᠯᠤᠨ ᠨᠡᠶᠢᠭᠡᠮ ᠤᠨ ᠦᠢᠯᠡᠴᠢᠯᠡᠭᠡᠨ ᠤ ᠴᠢᠳᠠᠪᠤᠷᠢᠲᠠᠨ ᠤ ᠬᠡᠷᠡᠭᠴᠡᠭᠡ  ᠴᠦ  ᠨᠡᠮᠡᠭᠳᠡᠵᠦ ᠪᠠᠶᠢᠨ᠎ᠠ᠃  ᠠᠮᠤᠷ ᠢ ᠬᠠᠮᠠᠭᠠᠯᠠᠬᠤ  ᠬᠠᠮᠢᠶᠠᠷᠤᠭᠴᠢ᠂ ᠠᠮᠤᠷ ᠢ  ᠬᠠᠮᠠᠭᠠᠯᠠᠭᠴᠢ᠂  ᠨᠡᠶᠢᠭᠡᠮ  ᠲᠣᠭᠤᠷᠢᠭ ᠤᠨ ᠠᠵᠢᠯᠲᠠᠨ᠂ ᠠᠰᠠᠷᠠᠭᠴᠢ᠂  ᠨᠠᠰᠤᠲᠠᠨ‌ᠠᠰᠠᠷᠠᠭᠴᠢ᠂ ᠳᠤᠮᠳᠠᠳᠤ ᠰᠤᠷᠭᠠᠭᠤᠯᠢ ᠶᠢᠨ ᠪᠠᠭᠰᠢ ᠵᠡᠷᠭᠡ ᠠᠵᠢᠯ ᠲᠦᠷᠦᠯ ᠤᠨ ᠵᠢᠭᠰᠠᠭᠠᠯᠲᠠ ᠳᠠᠬᠢ  ᠪᠠᠶᠢᠷᠢ  ᠳᠡᠭᠡᠭᠰᠢᠯᠡᠪᠡ᠃ ᠨᠢᠯᠬ᠎ᠠ ᠬᠡᠤᠬᠡᠳ ᠤᠨ ᠬᠥᠭᠵᠢᠯᠲᠡ ᠶᠢ ᠬᠥᠲᠥᠯᠥᠨ ᠵᠢᠯᠣᠭᠤᠳᠣᠭᠴᠢ᠂ ᠥᠨᠥᠴᠢᠨ ᠵᠡᠮᠳᠡᠭ  ᠬᠡᠤᠬᠡᠳ ᠤᠨ  ᠠᠰᠠᠷᠠᠭᠴᠢ ᠠᠩᠬ᠎ᠠ‌ᠤᠳᠠᠭ᠎ᠠ ᠵᠢᠭᠰᠠᠭᠠᠯᠲᠠ ᠳᠤ ᠣᠷᠣᠪᠠ᠃ ᠨᠠᠷᠢᠨ ᠵᠢᠭᠰᠠᠭᠠᠯᠲᠠ ᠶᠢ ᠬᠥᠮᠦᠨ ᠤ ᠬᠦᠴᠦᠨ ᠤ  ᠡᠬᠢ  ᠪᠠᠶᠠᠯᠢᠭ  ᠪᠠ  ᠨᠡᠶᠢᠭᠡᠮ ‍ᠤᠨ‌‍ᠪᠠᠲᠤᠯᠠᠭ᠎ᠠ ᠶᠢᠨ ᠶᠠᠮᠤᠨ ᠤ ᠠᠯᠪᠠᠨ ᠰᠦᠯᠵᠢᠶ᠎ᠡ ᠠᠴᠠ ᠯᠠᠪᠯᠠᠵᠤ ᠪᠣᠯᠤᠨ᠎ᠠ᠃ ᠠᠷᠠᠳ ᠤᠨ ᠰᠦᠯᠵᠢᠶ᠎ᠡ  ᠲᠤᠷᠤᠨ᠎ᠠ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1