ᠬᠤᠤᠷᠳᠦ ᠮᠥᠭᠦ ᠢᠳᠡᠭᠡᠳ ᠭᠤᠷᠪᠠᠨ ᠬᠥᠮᠥᠨ ᠠᠮᠢ ᠪᠠᠨ ᠠᠯᠳᠠᠪᠠ
ᠨᠡᠶᠢᠲᠡᠯᠡᠭᠰᠡᠨ ᠴᠠᠭ᠄
2021/10/11
      ᠣᠶᠢᠷ᠎ᠠ ᠳᠤ᠂ ᠭᠤᠸᠠᠩᠳᠦ᠋ᠩ ᠮᠤᠵᠢ ᠶᠢᠨ ᠨᠢᠭᠡ ᠠᠶᠢᠯ ᠤᠨ ᠭᠤᠷᠪᠠᠨ ᠬᠥᠮᠥᠨ ᠬᠡᠭᠡᠷ᠎ᠡ   ᠶᠢᠨ ᠮᠥᠭᠦ ᠢᠳᠡᠭᠡᠳᠬᠤᠣᠷᠳᠠᠭᠳᠠᠵᠤ ᠠᠮᠢ ᠪᠠᠨ ᠠᠯᠳᠠᠭᠰᠠᠨ ᠪᠠᠶᠢᠨ᠎ᠠ᠃ ᠡᠶᠢᠮᠦ ᠠᠴᠠ ᠬᠡᠭᠡᠷ᠎ᠡ ᠶᠢᠨ ᠮᠦᠬᠦ ᠢᠳᠡᠬᠦ ᠳᠡᠭᠡᠨ ᠶᠠᠭᠤ ᠶᠢ ᠠᠩᠬᠠᠷᠬᠤ ᠲᠤᠬᠠᠢ ᠲᠠᠨᠢᠯᠴᠠᠭᠤᠯᠤᠶ᠎ᠠ᠃                                      ᠡᠶᠢᠮᠦ ᠪᠠᠶᠢᠳᠠᠯ ᠳᠤ ᠠᠮᠠᠷᠬᠠᠨ ᠬᠤᠤᠷᠳᠠᠬᠳᠠᠨ᠎ᠠ᠄ ᠵᠠᠷᠢᠮ ᠬᠤᠤᠷᠳᠦ ᠮᠦᠬᠦᠨ ᠤ ᠬᠡᠯᠪᠡᠷᠢ ᠳᠦᠷᠬᠦ ᠨᠢ ᠢᠳᠡᠬᠡᠨ ᠤ ᠮᠦᠬᠦ ᠲᠠᠢ ᠢᠯᠭᠠᠭ᠎ᠠ ᠦᠬᠡᠢ ᠪᠠᠶᠢᠵᠦ᠂ ᠬᠦᠮᠦᠰ ᠠᠨᠳᠠᠷᠠᠭᠤᠷᠠᠨ ᠳᠡᠬᠦᠵᠦ ᠢᠳᠡᠳᠡᠭ᠃ ᠪᠠᠰᠠ ᠵᠠᠷᠢᠮ  ᠨᠢ ᠬᠡᠭᠡᠷ᠎ᠡ ᠶᠢᠨ ᠮᠦᠬᠦ ᠶᠢ ᠰᠠᠶᠢᠨ ᠴᠢᠨᠠᠵᠦ ᠪᠤᠯᠭᠤᠭᠰᠠᠨ ᠦᠬᠡᠢ ᠠᠴᠠ ᠪᠤᠯᠵᠦ ᠬᠤᠣᠷᠳᠠᠭᠳᠠᠳᠠᠭ᠃                              ᠮᠥᠭᠦ ᠳᠤ ᠬᠤᠣᠷᠳᠠᠭᠳᠠᠪᠠᠯ ᠡᠶᠢᠮᠦ ᠪᠠᠶᠢᠳᠠᠯ ᠲᠠ᠊ ᠢ᠄ ᠡᠯᠢᠬᠡᠨ ᠤ ᠬᠤᠤᠷᠳᠠᠯ᠃ ᠶᠡᠷᠦᠳᠡᠬᠡᠨ ᠢᠳᠡᠭᠰᠡᠨ ᠤ ᠳᠠᠷᠠᠭ᠎ᠠ 6 —12 ᠴᠠᠭ ᠤᠨ ᠳᠣᠳᠣᠷ᠎ᠠ ᠮᠡᠳᠡᠭᠳᠡᠳᠡᠭ᠃ ᠡᠬᠢᠯᠡᠭᠡᠳ ᠬᠤᠳᠣᠭᠤᠳᠦ ᠬᠡᠳᠡᠰᠦ ᠡᠪᠬᠦᠶᠢᠷᠡᠨ᠂ ᠨᠢᠬᠡ ᠬᠤᠶᠠᠷ ᠬᠤᠨᠤᠭ ᠤᠨ ᠳᠠᠷᠠᠭ᠎ᠠ ᠠᠶᠠᠨᠳᠠᠭᠠᠨ ᠨᠠᠮᠳᠠᠳᠠᠭ᠃ ᠵᠠᠯᠭᠠᠭᠠᠳ ᠴᠣᠴᠢᠮᠠᠭ ᠡᠯᠢᠬᠡᠨ ᠤ ᠬᠤᠤᠷᠳᠠᠯᠭ᠎ᠠ ᠡᠬᠦᠰᠬᠡᠵᠦ᠂ ᠰᠦᠰᠦ ᠪᠠᠷ ᠪᠦᠬᠡᠯᠵᠢᠬᠦ᠂ ᠡᠯᠢᠬᠡᠨ ᠤ ᠬᠠᠪᠢᠴᠠᠭ᠎ᠠ ᠡᠪᠡᠳᠬᠦ᠂ ᠵᠠᠷᠢᠮ ᠨᠢ ᠪᠠᠰᠠ ᠵᠢᠷᠦᠬᠡᠨ ᠤ ᠳᠠᠮᠢᠷ ᠳᠣᠷᠣᠶᠢᠳᠠᠬᠤ᠂ ᠬᠠᠷ᠎ᠠ ᠪᠦᠬᠡᠷ᠎ᠡ ᠬᠤᠣᠷᠳᠠᠭᠳᠠᠬᠤ ᠵᠡᠷᠬᠡ  ᠢᠯᠡᠷᠡᠯ‌‍ᠲ᠋ᠠᠢ᠃ ᠬᠦᠨᠳᠦᠷᠡᠪᠡᠯ ᠡᠯᠢᠭᠡ ᠠᠭᠤᠰᠬᠢᠨ ᠤ ᠬᠤᠣᠷᠳᠠᠭᠳᠠᠯ ᠠᠴᠠ ᠪᠤᠯᠤᠭᠠᠳ ᠳᠠᠪᠤ ᠬᠤᠨᠤᠭ ᠤᠨ ᠳᠣᠲᠣᠷ᠎ᠠ ᠨᠠᠰᠦ ᠪᠠᠷᠠᠬᠤ ᠠᠶᠤᠯᠲᠠᠢ᠃                              ᠬᠠᠷ᠎ᠠ ᠪᠦᠬᠡᠷᠦᠨ ᠤ ᠠᠵᠢᠯᠯᠠᠭ᠎ᠠ ᠵᠤᠭᠰᠣᠬᠤ᠃  ᠢᠳᠡᠭᠰᠡᠨ ᠤ ᠳᠠᠷᠠᠭ᠎ᠠ 6  — 12  ᠴᠠᠭ ᠤᠨ ᠬᠤᠭᠤᠷᠤᠨᠳᠦ ᠮᠡᠳᠡᠭᠳᠡᠨ᠎ᠡ᠃ ᠰᠢᠬᠡᠰᠦ ᠬᠠᠭᠠᠭᠳᠠᠬᠤ᠂ ᠰᠢᠪᠳᠣᠷ ᠨᠡᠮᠡᠭᠳᠡᠬᠦ ᠢᠯᠡᠷᠡᠯ ᠲᠠᠢ᠃ ᠬᠦᠨᠳᠦᠷᠡᠪᠡᠯ ᠬᠠᠷ᠎ᠠ ᠪᠥᠭᠡᠷ᠎ᠡ ᠠᠵᠢᠯᠯᠠᠭ᠎ᠠ ᠪᠠᠨ ᠠᠯᠳᠠᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1