ᠬᠠᠳᠤᠨ ᠭᠤᠤᠯ ᠤᠨ ᠡᠷᠭᠢ᠂ ᠠᠭᠤᠯᠠᠨ ᠬᠢᠷ᠎ᠠ ᠶᠢᠨ ᠳᠣᠤᠷ᠎ᠠ ᠪᠠᠶᠢᠭ᠎ᠠ ᠬᠤᠤ ᠵᠢᠶᠠ ᠶᠣᠣ ᠲᠣᠰᠬᠤᠨ ᠨᠢ | ᠥᠩᠭᠡᠷᠡᠭᠡᠭᠰᠡᠨ ᠳᠤ ᠠᠯᠤᠰ ᠬᠤᠯᠠ ᠶᠠᠳᠠᠭᠤ ᠬᠦᠴᠢᠷᠳᠡᠯᠲᠡᠶ᠂ ᠬᠥᠮᠦᠨ ᠠᠮᠠ ᠦᠭᠡᠢ ᠪᠠᠶᠢᠭᠰᠠᠨ᠂ ᠡᠳᠦᠭᠡ᠂ ᠠᠷᠪᠠ | ᠭᠠᠷᠤᠶ ᠵᠢᠯ ᠤᠨ ᠴᠢᠷᠮᠠᠶᠢᠯᠭ᠎ᠠ ᠪᠠᠷ ᠳᠠᠮᠵᠢᠭᠠᠳ᠂ ᠡᠨᠡ ᠬᠦ ᠥᠨᠢ ᠤᠳᠠᠭᠠᠨ ᠲᠡᠤᠬᠡ ᠲᠠᠢ ᠲᠣᠰᠬᠤᠨ ᠨᠢ ᠨᠢᠭᠡᠨᠳᠡ | ᠦᠵᠡᠰᠬᠦᠯᠡᠩᠲᠦ ᠰᠠᠶᠢᠬᠠᠨ᠂ ᠪᠠᠶᠠᠨ ᠲᠠᠩᠰᠤᠭ᠂ ᠬᠤᠯᠠ ᠣᠶᠢᠷ᠎ᠠ ᠳᠤ ᠠᠯᠳᠠᠷᠲᠠᠶ ᠰᠡᠯᠡᠭᠦᠴᠡᠯ ᠵᠢᠭᠤᠯᠴᠢᠯᠠᠯ ᠤᠨ | ᠦᠵᠡᠮᠵᠢᠲᠦ ᠣᠷᠣᠨ ᠪᠣᠯᠤᠭᠰᠠᠨ ᠪᠠᠶᠢᠨ᠎ᠠ᠃ 2017 ᠣᠨ ᠳᠤ ᠬᠤᠤ ᠵᠢᠶᠠ ᠶᠣᠣ ᠲᠣᠰᠬᠤᠨ ︽ᠳᠤᠮᠳᠠᠳᠤ | ᠤᠯᠤᠰ ᠤᠨ ᠦᠵᠡᠰᠬᠦᠯᠡᠩᠲᠦ ᠰᠠᠢᠬᠠᠨ ᠰᠡᠯᠡᠭᠦᠴᠡᠯ ᠤᠨ ᠬᠦᠳᠡᠭᠡ ᠲᠣᠰᠬᠤᠨ︾ ᠭᠡᠬᠦ ᠨᠡᠷᠡᠶᠢᠳᠦᠯ ᠢ ᠣᠯᠵᠠᠶ᠂ ᠡᠨᠡ | ᠵᠢᠯ ᠤᠨ 8 ᠰᠠᠷ᠎ᠠ ᠳᠤ ᠪᠠᠰᠠ ᠬᠤᠶᠠᠳᠤᠭᠠᠷ ᠪᠦᠯᠦᠭ ᠪᠦᠬᠦ ᠤᠯᠤᠰ ᠤᠨ ᠬᠥᠳᠡᠭᠡ ᠲᠣᠰᠬᠤᠨ ᠤ ᠵᠤᠭᠠᠴᠠᠯ ᠤᠨ | ᠭᠤᠤᠯᠳᠠᠯᠭ᠎ᠠ ᠲᠠᠢ ᠲᠣᠰᠬᠤᠨ ᠳᠤ ᠰᠣᠩᠭᠤᠭᠳᠠᠪᠠ᠃ | ᠬᠤᠤ ᠵᠢᠶᠠ ᠶᠣᠣ ᠲᠣᠰᠬᠤᠨ ᠤ ᠦᠵᠦᠮ ᠲᠠᠷᠢᠬᠤ ᠨᠢ ᠥᠨᠢ ᠤᠳᠠᠭᠠᠨ ᠲᠡᠦᠬᠡ ᠲᠠᠢ᠂ ᠠᠭᠤᠷ ᠠᠮᠢᠰᠬᠤᠯ | ᠣᠨᠴᠠ ᠪᠠᠶᠢᠳᠠᠭ ᠳᠠᠪᠠᠭᠤᠯᠢᠭ ᠲᠤ ᠲᠦᠰᠢᠭᠯᠡᠨ᠂ ᠠᠳᠡᠬᠢ ᠦᠵᠦᠮ ᠨᠢ ᠠᠷᠠᠰᠤ ᠨᠢ ᠰᠢᠩᠬᠡᠭ᠂ ᠰᠢᠬᠢᠷᠯᠢᠭ ᠦᠨᠦᠷ | ᠠᠮᠲᠠᠲᠠᠶ ᠵᠡᠷᠭᠡ ᠣᠨᠴᠠᠯᠢᠭ ᠲᠠᠢ ᠪᠠᠶᠢᠳᠠᠭ᠃ ᠣᠯᠠᠨ ᠤ ᠬᠦᠷᠢᠶᠡᠯᠡᠯ ᠢ ᠥᠷᠭᠡᠨ ᠢᠶᠠᠷ ᠤᠯᠤᠭᠰᠠᠨ ᠪᠠᠶᠢᠨ᠎ᠠ᠃ ᠪᠦᠬᠦ | ᠲᠣᠰᠬᠤᠨ ᠤ ᠦᠵᠦᠮ ᠤᠨ ᠲᠠᠷᠢᠮᠠᠯ ᠤᠨ ᠲᠠᠯᠠᠪᠠᠢ 1500 ᠮᠦ ᠳᠤ ᠬᠦᠷᠴᠦ᠂ ᠵᠢᠯ ᠪᠦᠷᠢ ᠶᠢᠨ ᠳᠤᠮᠳᠠᠴᠢ ᠤᠨᠠᠯᠲᠠ | 3000 ᠭᠠᠷᠤᠶ ᠲᠣᠨ ᠳᠤ ᠬᠦᠷᠴᠦ᠂ | ᠵᠢᠯ ᠤᠨ ᠣᠷᠣᠯᠭ᠎ᠠ 4200 ᠲᠦᠮᠡᠨ ᠲᠦᠭᠦᠷᠢᠭ ᠢ ᠳᠠᠪᠠᠵᠠᠶ᠃ ᠲᠣᠰᠬᠤᠨ ᠳᠤ᠂ ᠡᠷᠦᠬᠡ ᠪᠣᠯᠭᠠᠨ ᠦᠵᠦᠮ | ᠲᠠᠷᠢᠵᠤ᠂ ᠦᠵᠦᠮ ᠤᠨ ᠠᠵᠤ ᠦᠢᠯᠡᠰ ᠨᠢ ᠲᠣᠰᠬᠤᠨ ᠤ ᠠᠷᠠᠳ ᠤᠨ ᠣᠷᠣᠯᠭ᠎ᠠ ᠶᠢᠨ ᠴᠢᠬᠤᠯᠠ ᠢᠷᠡᠯᠲᠡ ᠪᠣᠯᠵᠠᠶ᠃ | ᠡᠭᠦᠨ ᠤ ᠬᠠᠮᠲᠤ᠂ ᠬᠤᠤ ᠵᠢᠶᠠ ᠶᠣᠣ ᠲᠣᠰᠬᠤᠨ ᠦᠵᠦᠮ ᠤᠨ ᠠᠵᠤ ᠦᠢᠯᠡᠰ ᠢᠶᠠᠷ ᠰᠠᠭᠤᠷᠢ ᠪᠣᠯᠭᠠᠵᠤ᠂ ᠡᠯᠪᠡᠭ | ᠪᠠᠶᠠᠯᠢᠭ ᠴᠢᠨᠠᠷ ᠰᠠᠶᠢᠲᠠᠶ ᠵᠢᠭᠤᠯᠴᠢᠯᠠᠯ ᠤᠨ ᠡᠬᠢ ᠪᠠᠶᠠᠯᠢᠭ ᠲᠤ ᠲᠦᠰᠢᠭᠯᠡᠨ᠂ ᠲᠠᠷᠢᠶᠠᠴᠢᠨ ᠠᠶᠢᠯ ᠤᠨ | ᠵᠢᠭᠤᠯᠴᠢᠯᠠᠯ ᠤᠨ ᠢᠳᠡᠭᠡᠨ ᠤᠮᠳᠠᠭᠠᠨ ᠪᠠ ᠬᠥᠳᠡᠭᠡ ᠲᠣᠰᠬᠤᠨ ᠤ ᠵᠢᠭᠤᠯᠴᠢᠯᠠᠯ ᠢ ᠶᠡᠬᠡᠪᠡᠷ ᠬᠦᠭᠵᠢᠭᠦᠯᠪᠡ᠃ | ᠠᠭᠤᠯᠠ ᠲᠦᠰᠢᠵᠦ ᠤᠰᠤ ᠬᠠᠪᠢᠳᠠᠵᠤ᠂ ᠠᠮᠢ ᠠᠬᠤᠢ ᠶᠢᠨ ᠣᠷᠴᠢᠨ ᠲᠣᠭᠤᠷᠢᠨ ᠭᠤᠶᠢᠳᠠ ᠰᠠᠶᠢᠬᠠᠨ ᠬᠤᠤ ᠵᠢᠶᠠ | ᠶᠣᠣ ᠲᠤᠰᠬᠠᠤᠨ ᠨᠢ ᠴᠦ ᠲᠣᠭᠲᠠᠬᠤ ᠰᠢᠶᠠᠨ ᠤ ᠬᠠᠳᠤᠨ ᠭᠤᠣᠯ ᠳᠠᠭᠠᠤ ᠶᠢᠨ ᠵᠤᠭᠠᠴᠠᠨ ᠲᠣᠭᠤᠷᠢᠬᠤ ᠠᠵᠤ | ᠠᠬᠤᠢ ᠶᠢᠨ ᠪᠦᠰᠡ ᠳᠡᠭᠡᠷᠡᠬᠢ ᠭᠡᠷᠡᠯ ᠰᠠᠴᠤᠷᠠᠩᠭᠤᠢ ᠭᠡᠷᠡᠯᠲᠦ ᠰᠤᠪᠤᠳ ᠪᠣᠯᠤᠭᠰᠠᠨ ᠪᠠᠶᠢᠨ᠎ᠠ᠃ | ︽ᠤᠤᠯ ᠨᠢ ᠲᠤᠭᠳᠠᠬᠤ ᠰᠢᠶᠠᠨ ᠤ ᠵᠢᠭᠤᠯᠴᠢᠯᠠᠯ ᠤᠨ ᠦᠢᠯᠡᠰ ᠬᠥᠭᠵᠢᠭᠡᠳᠦᠶ ᠦᠶ᠎ᠡ ᠳᠤ᠂ ᠮᠢᠨᠦ ᠦᠵᠦᠮ ᠵᠥᠪᠬᠡᠨ | ᠬᠤᠶᠠᠷ ᠭᠤᠷᠪᠠᠨ ᠮᠦ᠂ ᠪᠣᠷᠣᠯᠠᠭᠤᠯᠬᠤ ᠲᠠᠯ᠎ᠠ ᠪᠠᠷ ᠪᠠᠰᠠ ᠮᠠᠭᠤ᠃ ᠮᠠᠨ ᠤ ᠵᠢᠭᠤᠯᠴᠢᠯᠠᠯ ᠤᠨ ᠦᠢᠯᠡᠰ | ᠬᠥᠭᠵᠢᠭᠰᠡᠨ ᠤ ᠳᠠᠷᠠᠭ᠎ᠠ᠂ ᠣᠳᠣᠬᠠᠨ ᠳᠤ ᠬᠥᠮᠦᠰ ᠤᠨ ᠳᠠᠷᠢᠵᠤ ᠪᠠᠶᠢᠭ᠎ᠠ ᠦᠵᠦᠮ ᠪᠦᠷ ᠴᠥᠭᠡᠨ ᠪᠤᠰᠤ ᠪᠠᠶᠢᠨ᠎ᠠ᠃ | ᠪᠢ ᠤᠳᠤ ᠬᠤᠷᠢᠨ ᠬᠡᠳᠦᠨ ᠮᠦ ᠦᠵᠦᠮ ᠲᠠᠷᠢᠶ᠎ᠠ ᠲᠠᠢ᠂ ᠵᠢᠯ ᠪᠦᠷᠢ ᠠᠷᠪᠠ ᠠᠴᠠ ᠬᠤᠷᠢᠨ ᠲᠦᠮᠡᠨ | ᠲᠥᠭᠦᠷᠢᠭ ᠤᠨ ᠣᠷᠣᠯᠭ᠎ᠠ ᠣᠯᠵᠤ ᠪᠠᠶᠢᠨ᠎ᠠ᠃ ᠬᠥᠮᠦᠰ ᠨᠡᠶᠢᠳᠡᠮ ᠳᠣᠯᠤᠭ᠎ᠠ ᠨᠠᠢᠮᠠᠨ ᠮᠦ ᠲᠠᠷᠢᠪᠠᠯ ᠳᠠᠷᠤᠶ ᠠᠷᠪᠠ | ᠭᠠᠷᠤᠶ ᠲᠦᠮᠡᠨ ᠲᠥᠭᠦᠷᠢᠭ ᠤᠨ ᠣᠷᠣᠯᠭ᠎ᠠ ᠣᠯᠵᠤ᠂ ᠮᠦ ᠪᠦᠷᠢ ᠨᠢ ᠬᠤᠶᠠᠷ ᠲᠦᠮᠡᠨ ᠲᠥᠭᠦᠷᠢᠭ ᠬᠦᠷᠬᠦ ᠶᠣᠰᠣᠲᠠᠶ | ᠃︾ ᠭᠡᠵᠦ ᠮᠧᠩ ᠸᠧᠨ ᠯᠢᠶᠠᠩ ᠤᠨ ᠣᠮᠤᠭ ᠪᠠᠭ᠋ᠠᠳᠤᠯᠲᠤ ᠰᠡᠳᠬᠢᠯᠭᠡ ᠪᠠᠷ ᠶᠠᠷᠢᠵᠦ ᠪᠠᠶᠢᠯ᠎ᠠ᠃ | ᠣᠯᠠᠨ ᠲᠣᠰᠬᠤᠨ ᠤ ᠠᠷᠠᠳ ᠲᠠᠢ ᠠᠳᠠᠯᠢ᠂ ᠮᠧᠩ ᠸᠧᠨ ᠯᠢᠶᠠᠩ ᠪᠠᠰᠠ ᠨᠢᠭᠡ ᠠᠶᠢᠯ ᠤᠨ ᠵᠤᠭᠠᠴᠠᠯ ᠡᠷᠬᠢᠯᠡᠵᠦ ᠪᠤᠶ | ᠃ ᠮᠧᠩ ᠭᠤᠸᠠᠶ ᠪᠣᠯ ᠲᠣᠰᠬᠤᠨ ᠤ ᠬᠠᠮᠤᠭ ᠤᠨ ᠡᠷᠲᠡ ᠡᠨᠡ ᠠᠵᠢᠯ ᠲᠥᠷᠥᠯ ᠤᠨ ᠬᠥᠮᠦᠰ ᠤᠨ ᠨᠢᠭᠡ ᠪᠣᠯᠤᠨ᠎ᠠ᠃ | ᠲᠡᠭᠦᠨ ᠤ ᠲᠠᠷᠢᠶᠠᠴᠢᠨ ᠠᠶᠢᠯ ᠤᠨ ᠵᠤᠭᠠᠴᠠᠯ ᠨᠢ ᠠᠷᠪᠠᠭᠠᠳ ᠮᠦ ᠭᠠᠵᠠᠷ ᠢ ᠡᠵᠡᠯᠡᠵᠦ᠂ ᠪᠠᠷᠢᠯᠭ᠎ᠠ ᠶᠢᠨ ᠲᠠᠯᠠᠪᠠᠢ ᠨᠢ | 2000 ᠲᠡᠭᠰᠢ ᠳᠥᠷᠪᠡᠯᠵᠢᠨ ᠮᠧᠲᠷ ᠢ ᠳᠠᠪᠠᠭᠰᠠᠨ ᠪᠠᠶᠢᠨ᠎ᠠ᠃ ︽ᠭᠡᠷ ᠲᠡᠭᠡᠨ ᠰᠠᠭᠤᠪᠠᠯ ᠵᠣᠭᠤᠰ ᠢᠶᠠᠨ | ᠣᠯᠴᠢᠬᠠᠨ᠎ᠠ︾᠂ ᠡᠶᠢᠮᠦ ᠤᠴᠢᠷ ᠢ ᠮᠧᠩ ᠭᠤᠸᠠᠢ ᠪᠣᠳᠣᠵᠤ ᠣᠯᠬᠤ ᠦᠭᠡᠢ ᠭᠡᠵᠦ ᠱᠤᠭ ᠲᠠᠢ ᠶᠠᠷᠢᠵᠦ ᠪᠠᠶᠢᠪᠠ᠃ | ︽ᠮᠠᠨ ᠤ ᠭᠡᠷ ᠤᠨ ᠲᠠᠷᠢᠶᠠᠴᠢᠨ ᠠᠶᠢᠯ ᠤᠨ ᠵᠤᠭᠠᠴᠠᠯ 2004 ᠣᠨ ᠠᠴᠠ ᠡᠬᠢᠯᠡᠨ ᠠᠩᠬ᠎ᠠ ᠠᠯᠬᠤᠮ | ᠬᠥᠭᠵᠢᠭᠰᠡᠨ᠂ ᠨᠢᠭᠡᠨ ᠵᠢᠵᠢᠭ ᠵᠣᠴᠢᠳ ᠤᠨ ᠪᠠᠭᠤᠳᠠᠯ ᠠᠴᠠ ᠣᠳᠣ ᠪᠣᠯᠲᠠᠯ᠎ᠠ ᠬᠥᠭᠵᠢᠭᠡᠳ᠂ ᠱᠧᠨ ᠴᠢᠦᠸᠠᠨ | ᠵᠢᠭᠤᠯᠴᠢᠯᠠᠯ ᠤᠨ ᠤᠷᠤᠨ ᠤ ᠳᠠᠭᠠᠭᠤᠯᠭ᠎ᠠ ᠳᠣᠣᠷ᠎ᠠ᠂ ᠵᠤᠭᠠᠴᠠᠭᠰᠠᠳ ᠤᠨ ᠲᠤᠭ᠎ᠠ ᠨᠡᠮᠡᠭᠳᠡᠵᠦ᠂ ᠠᠯᠬᠤᠮ | ᠠᠯᠬᠤᠮ ᠢᠶᠠᠷ ᠬᠥᠭᠵᠢᠨ ᠪᠤᠵᠠᠭᠠᠶᠢᠷᠠᠪᠠ᠃ ᠲᠠᠷᠢᠶᠠᠴᠢᠨ ᠠᠶᠢᠯ ᠤᠨ ᠵᠤᠭᠠᠴᠠᠯ ᠰᠠᠶ᠋ᠢ ᠡᠬᠢᠯᠡᠵᠦ ᠣᠷᠣᠯᠭ᠎ᠠ ᠨᠢ | ᠲᠦᠮᠡᠨ ᠲᠥᠭᠦᠷᠢᠭ ᠬᠦᠷᠬᠦ ᠦᠭᠡᠢ᠂ ᠣᠳᠣ ᠪᠣᠯᠲᠠᠯ᠎ᠠ ᠳᠠᠬᠢᠨ ᠢᠶᠠᠷ ᠨᠡᠮᠡᠭᠳᠡᠵᠦ᠂ ᠤᠶᠢᠷ᠎ᠠ ᠶᠢᠨ ᠬᠡᠳᠦᠨ ᠵᠢᠯ ᠳᠤ | ᠲᠠᠷᠢᠶᠠᠴᠢᠨ ᠠᠶᠢᠯ ᠤᠨ ᠵᠤᠭᠠᠴᠠᠯ ᠤᠨ ᠠᠵᠤ ᠠᠬᠤᠢ ᠶᠢᠨ ᠦᠷ᠎ᠡ ᠠᠰᠢᠭ ᠲᠠᠪᠢᠨ ᠲᠦᠮᠡ ᠠᠴᠠ ᠳᠡᠭᠡᠭᠰᠢ ᠪᠣᠯᠵᠤ | ᠴᠢᠳᠠᠵᠠᠢ ᠭᠡᠵᠦ ᠮᠧᠩ ᠸᠧᠨ ᠯᠢᠶᠠᠩ ᠳᠣᠭᠳᠣᠯᠤᠭᠰᠠᠨ ᠰᠡᠳᠬᠢᠯᠭᠡ ᠪᠠᠨ ᠳᠠᠷᠤᠵᠤ ᠶᠠᠳᠠᠨ᠎ᠠ᠃ |