ᠬᠦᠢᠲᠡᠨ ᠤᠷᠤᠰᠬᠠᠯ ᠤᠨ ᠨᠥᠯᠥᠭᠡ ᠶᠢ ᠬᠦᠷᠳᠡᠵᠤ ᠬᠠᠲᠤᠨ ᠭᠤᠣᠯ ᠤᠨ ᠲᠣᠭᠲᠠᠬᠤ ᠰᠢᠶᠠᠨ ᠤ ᠬᠡᠰᠡᠭ ᠲᠤ ᠰᠦᠩ ᠬᠠᠯᠢᠶ᠎ᠠ ᠦᠵᠡᠭᠳᠡᠯ ᠡᠭᠦᠰᠴᠦ ᠪᠠᠶᠢᠨ᠎ᠠ᠃
ᠨᠡᠶᠢᠲᠡᠯᠡᠭᠰᠡᠨ ᠴᠠᠭ᠄
2018-12-07
      ᠬᠦᠢᠲᠡᠨ ᠤᠷᠤᠰᠬᠠᠯ ᠤᠨ ᠨᠥᠯᠥᠭᠡ ᠶᠢ ᠬᠦᠷᠳᠡᠭᠰᠡᠨ ᠠᠴᠠ ᠪᠤᠯᠵᠤ ᠬᠠᠲᠤᠨ ᠭᠤᠣᠯ ᠤᠨ ᠲᠣᠭᠲᠠᠬᠤ ᠰᠢᠶᠠᠨ ᠤ ᠬᠡᠰᠡᠭ ᠲᠤ ᠰᠦᠩ ᠬᠠᠯᠢᠶ᠎ᠠ ᠦᠵᠡᠭᠳᠡᠯ ᠡᠭᠦᠰᠴᠦ᠂ 12 ᠰᠠᠷ᠎ᠠ ᠶᠢᠨ 6 ᠤ ᠡᠳᠦᠷ ᠪᠤᠯᠳᠠᠯ᠎ᠠ᠂ ᠬᠠᠲᠤᠨ ᠭᠤᠣᠯ ᠤᠨ ᠲᠣᠭᠲᠠᠬᠤ ᠰᠢᠶᠠᠨ ᠤ ᠬᠡᠰᠡᠭ ᠤᠨ ᠤᠰᠤᠨ ᠲᠦᠪᠰᠢᠨ 987.57 ᠮᠧᠲᠷ ᠲᠤ ᠬᠦᠷᠴᠦ᠂ ᠤᠷᠤᠰᠬᠠᠯ ᠤᠨ ᠬᠡᠮᠵᠢᠶ᠎ᠡ ᠨᠢ ᠰᠧᠺᠦ᠋ᠨ᠋ᠳ᠋ ᠪᠦᠷᠢ 814 ᠲᠡᠭᠰᠢ ᠲᠦᠷᠪᠡᠯᠵᠢᠨ ᠮᠧᠲᠷ ᠬᠦᠷᠦᠭᠰᠡᠨ ᠪᠠᠶᠢᠨ᠎ᠠ᠃ ᠱᠢ ᠰᠧ ᠹᠧᠨ ᠲᠥᠷᠥᠯ ᠵᠦᠢᠯ ᠤᠨ ᠫᠠᠶᠢᠰᠠ ᠠᠴᠠ ᠲᠤᠷᠤᠭᠰᠢ ᠰᠦᠩ ᠬᠠᠯᠢᠶ᠎ᠠ ᠶᠢᠨ ᠤᠷᠤᠰᠬᠠᠯ ᠤᠨ ᠨᠢᠭᠲᠠᠴᠠ ᠨᠢ 80%  ᠳᠤ ᠬᠦᠷᠴᠦ᠂ ᠮᠠ ᠳ᠋ᠢ ᠬᠤᠤ ᠠᠴᠠ ᠲᠤᠷᠤᠭᠰᠢ ᠰᠦᠩ ᠬᠠᠯᠢᠶ᠎ᠠ ᠶᠢᠨ ᠤᠷᠤᠰᠬᠠᠯ ᠤᠨ ᠨᠢᠭᠲᠠᠴᠠ ᠨᠢ 50 — 60 % ᠳᠤ ᠬᠦᠷᠴᠦ᠂ ᠵᠥᠭᠡᠬᠡᠶ ᠶᠢᠨ ᠲᠠᠯ᠎ᠠ ᠶᠡᠭᠡ ᠬᠥᠭᠦᠷᠭᠡ ᠶᠢᠨ ᠠᠴᠠ ᠲᠤᠷᠤᠭᠰᠢ ᠰᠦᠩ ᠬᠠᠯᠢᠶ᠎ᠠ ᠶᠢᠨ ᠤᠷᠤᠰᠬᠠᠯ ᠨᠢᠭᠲᠠᠴᠠ ᠨᠢ 70%᠂ ᠱᠧᠨ ᠴᠢᠤᠸ᠋ᠨ‌ᠡᠴᠠ ᠲᠤᠷᠤᠭᠰᠢ ᠰᠦᠩ ᠬᠠᠯᠢᠶ᠎ᠠ ᠶᠢᠨ ᠤᠷᠤᠰᠬᠠᠯ ᠤᠨ ᠨᠢᠭᠲᠠᠴᠠ ᠨᠢ 60%᠂ ᠵᠠᠩᠭᠢ ᠶᠢᠨ ᠠᠶᠢᠯ ᠤᠨ ᠬᠡᠰᠡᠭ ᠤᠨ ᠰᠦᠩ ᠬᠠᠯᠢᠶ᠎ᠠ ᠤᠷᠤᠰᠬᠠᠯ ᠤᠨ ᠨᠢᠭᠲᠠᠴᠠ ᠨᠢ 70% ᠪᠣᠯᠤᠨ᠎ᠠ᠃
 
ᠢᠷᠡᠯᠲᠡ᠄ ᠲᠤᠭᠳᠠᠬᠤ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003253号-1